ᠹᠷᠠᠨᠼᠢ ᠠᠴᠠ 57.9 ᠰᠠᠶ᠎ᠠ ᠡᠸᠦ᠋ᠷᠤ᠋ ᠶᠢᠨ ᠵᠢᠭᠡᠯᠡ ᠠᠪᠤᠨ᠎ᠠ  | News.MN

ᠹᠷᠠᠨᠼᠢ ᠠᠴᠠ 57.9 ᠰᠠᠶ᠎ᠠ ᠡᠸᠦ᠋ᠷᠤ᠋ ᠶᠢᠨ ᠵᠢᠭᠡᠯᠡ ᠠᠪᠤᠨ᠎ᠠ 

ᠤᠯᠤᠰ ᠤᠨ ᠶᠡᠬᠡ ᠬᠤᠷᠠᠯ ᠤᠨ ᠲᠥᠰᠥᠪ ᠦᠨ ᠪᠠᠶᠢᠩᠭᠤ ᠶᠢᠨ ᠬᠣᠷᠢᠶᠠᠨ ᠤ ᠬᠤᠷᠠᠯᠳᠤᠭᠠᠨ ᠢᠶᠠᠷ ᠮᠣᠩᠭᠣᠯ᠂ ᠹᠷᠠᠨᠼᠢ ᠤᠯᠤᠰ ᠤᠨ ᠵᠠᠰᠠᠭ ᠤᠨ ᠭᠠᠵᠠᠷ ᠤᠨ ᠰᠠᠩᠬᠦᠦ ᠶᠢᠨ ᠬᠡᠯᠡᠯᠴᠡᠭᠡᠷ ᠦᠨ ᠲᠥᠰᠥᠯ ᠢ ᠬᠡᠯᠡᠯᠴᠡᠯ᠎ᠡ᠃
ᠣᠨᠴᠠᠭᠠᠢ ᠪᠠᠶᠢᠳᠠᠯ ᠤᠨ ᠪᠠᠶᠢᠭᠤᠯᠤᠯᠭ᠎ᠠ ᠳᠤ ᠠᠭᠠᠷ ᠠᠴᠠ ᠠᠪᠤᠷᠠᠬᠤ ᠠᠵᠢᠯᠯᠠᠭ᠎ᠠ ᠶᠠᠪᠤᠭᠤᠯᠬᠤ ᠨᠢᠭᠡᠴᠡ ᠪᠠᠶᠢᠭᠤᠯᠬᠤ᠂ ᠨᠢᠰᠳᠡᠭ ᠲᠡᠷᠭᠡ᠂ ᠭᠠᠯ ᠤᠨᠲᠠᠷᠠᠭᠠᠬᠤ ᠲᠤᠰᠬᠠᠢ ᠵᠣᠷᠢᠭᠤᠯᠤᠯᠲᠠ ᠶᠢᠨ ᠠᠦ᠋ᠲ᠋ᠤ᠋ ᠮᠠᠰᠢᠨ ᠨᠡᠶᠢᠯᠡᠭᠦᠯᠬᠦ ᠲᠥᠰᠥᠯ ᠢ  ᠹᠷᠠᠨᠼᠢ ᠤᠯᠤᠰ ᠤᠨ 57 ᠰᠠᠶ᠎ᠠ 985 ᠮᠢᠩᠭᠠᠨ ᠡᠸᠦ᠋ᠷᠤ᠋ ᠶᠢᠨ ᠵᠢᠭᠡᠯᠡ  ᠪᠡᠷ ᠬᠡᠷᠡᠭᠵᠢᠭᠦᠯᠬᠦ  ᠠᠵᠠᠢ᠃  ᠵᠢᠭᠡᠯᠡ  ᠶᠢᠨ ᠬᠤᠭᠤᠴᠠᠭ᠎ᠠ 30 ᠵᠢᠯ᠂ ᠵᠢᠯ ᠦᠨ ᠬᠦᠦ 0.08 ᠬᠤᠪᠢ᠂ ᠦᠨᠳᠦᠰᠦᠨ ᠲᠥᠯᠥᠪᠦᠷᠢ ᠡᠴᠡ ᠴᠢᠯᠦᠭᠡᠯᠡᠬᠦ ᠬᠤᠭᠤᠴᠠᠭ᠎ᠠ 10 ᠵᠢᠯ᠂ ᠬᠥᠩᠭᠡᠯᠡᠯᠲᠡ ᠶᠢᠨ ᠲᠦᠪᠰᠢᠨ 60.3 ᠬᠤᠪᠢ ᠪᠠᠶᠢᠬᠤ ᠭᠡᠨ᠎ᠡ᠃
ᠤᠨᠴᠠᠭᠠᠢ ᠪᠠᠶᠢᠳᠠᠯ ᠤᠨ ᠶᠡᠷᠦᠩᠬᠡᠢ ᠭᠠᠵᠠᠷ ᠤᠨ ᠲᠡᠷᠢᠭᠦᠨ ᠳᠡᠳ᠋ ᠳᠠᠷᠤᠭ᠎ᠠ᠂ ᠪᠠᠷᠢᠭᠠᠳᠠ ᠶᠢᠨ ᠭᠧᠨᠧᠷᠠᠯ ᠭ∙ᠠᠷᠢᠭᠤᠨᠪᠤᠶᠠᠨ᠄ ᠤᠨᠴᠠᠭᠠᠢ ᠪᠠᠶᠢᠳᠠᠯ ᠤᠨ ᠶᠡᠷᠦᠩᠬᠡᠢ ᠭᠠᠵᠠᠷ ᠍ ᠤᠨ ᠲᠧᠭᠨᠢᠭ᠂ ᠲᠣᠨᠣᠭ ᠲᠥᠬᠥᠭᠡᠷᠦᠮᠵᠢ ᠶᠢᠨ ᠬᠠᠩᠭᠠᠮᠵᠢ 55-60 ᠬᠤᠪᠢ ᠲᠠᠢ ᠪᠠᠶᠢᠨ᠎ᠠ᠃ ᠤᠯᠤᠰ ᠤᠨ ᠬᠡᠮᠵᠢᠶᠡᠨ ᠳᠦ ᠭᠠᠯ ᠤᠨᠲᠠᠷᠠᠭᠠᠬᠤ ᠠᠪᠤᠷᠠᠬᠤ 67 ᠠᠩᠭᠢ ᠳᠤ 240 ᠭᠠᠷᠤᠢ ᠠᠦ᠋ᠲ᠋ᠤ᠋ ᠮᠠᠰᠢᠨ ᠠᠰᠢᠭᠯᠠᠵᠤ ᠪᠠᠶᠢᠭ᠎ᠠ ᠠᠴᠠ 30 ᠭᠠᠷᠤᠢ ᠬᠤᠪᠢ ᠨᠢ ᠣᠷᠣᠰ ᠂ 20 ᠭᠠᠷᠤᠢ ᠬᠤᠪᠢ ᠨᠢ ᠧᠦ᠋ᠷᠣᠫᠠ ᠶᠢᠨ ᠪᠤᠰᠤᠳ ᠤᠯᠤᠰ ᠤᠳ ᠲᠤ ᠦᠢᠯᠡᠳᠪᠦᠷᠢᠯᠡᠭᠰᠡᠨ ᠲᠧᠭᠨᠢᠭ᠂ ᠲᠣᠨᠣᠭ ᠲᠥᠬᠥᠭᠡᠷᠦᠮᠵᠢ ᠪᠠᠶᠢᠭ᠎ᠠ᠃ ᠡᠨᠡᠬᠦ ᠲᠥᠰᠥᠯ ᠢ ᠬᠡᠷᠡᠭᠵᠢᠭᠦᠯᠦᠭᠰᠡᠨ ᠢᠶᠡᠷ ᠲᠣᠨᠣᠭ ᠲᠥᠬᠥᠭᠡᠷᠦᠮᠵᠢ ᠶᠢᠨ ᠬᠠᠩᠭᠠᠮᠵᠢ 80-90 ᠬᠤᠪᠢ ᠳᠤ ᠬᠦᠷᠦᠨ᠎ᠡ ᠭᠡᠰᠡᠨ ᠲᠣᠭᠠᠴᠠᠭᠠᠯᠠᠯ ᠪᠠᠶᠢᠭ᠎ᠠ ᠭᠡᠰᠡᠨ ᠶᠤᠮ ᠃

ᠰᠡᠳᠬᠢᠭᠳᠡᠯ ᠦᠯᠡᠳᠡᠭᠡᠬᠦ