ᠮ∙ᠠᠩᠬᠡᠴᠡᠴᠡᠭ ᠳᠡᠯᠡᠬᠡᠢ ᠶᠢᠨ ᠴᠣᠮᠣ ᠶᠢᠨ ᠡᠵᠡᠨ ᠪᠣᠯᠤᠯ᠎ᠠ  | News.MN

ᠮ∙ᠠᠩᠬᠡᠴᠡᠴᠡᠭ ᠳᠡᠯᠡᠬᠡᠢ ᠶᠢᠨ ᠴᠣᠮᠣ ᠶᠢᠨ ᠡᠵᠡᠨ ᠪᠣᠯᠤᠯ᠎ᠠ 

ᠠᠮᠧᠷᠢᠺᠠ ᠳᠦ ᠡᠨᠡ ᠰᠠᠷ᠎ᠠ ᠶᠢᠨ 4-6 ᠍ ᠳᠦ ᠪᠣᠯᠤᠭᠰᠠᠨ ᠬᠦᠨᠳᠦ ᠶᠢ ᠡᠷᠭᠦᠯᠲᠡ ᠶᠢᠨ ᠳᠡᠯᠡᠬᠡᠢ ᠶᠢᠨ ᠴᠣᠮᠣ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠮ∙ᠠᠩᠬᠡᠴᠡᠴᠡᠭ ᠣᠷᠣᠯᠴᠠᠵᠤ᠂ ᠳᠡᠯᠡᠬᠡᠢ ᠶᠢᠨ ᠴᠣᠮᠣ ᠶᠢᠨ ᠡᠵᠡᠨ ᠪᠣᠯᠵᠠᠢ᠃ ᠲᠡᠮᠡᠴᠡᠭᠡᠨ ᠡᠴᠡ ᠮ∙ᠠᠩᠬᠡᠴᠡᠴᠡᠭ ᠠᠯᠲᠠ᠂ ᠭ∙ᠠᠨᠤᠵᠢᠨ ᠮᠥᠩᠭᠥ᠂ ᠡ᠊∙ᠪᠢᠯᠢᠭ᠍ᠰᠠᠶᠢᠬᠠᠨ ᠬᠦᠷᠡᠯ ᠮᠧᠳᠠᠯ ᠬᠦᠷᠲᠡᠭᠰᠡᠨ ᠪᠠᠶᠢᠨ᠎ᠠ᠃
ᠮ∙ᠠᠩᠬᠡᠴᠡᠴᠡᠭ ᠨᠢ ᠥᠩᠭᠡᠷᠡᠭᠰᠡᠨ ᠰᠠᠷ᠎ᠠ ᠳᠤ ᠲᠠᠶᠢᠯᠠᠨᠳ᠋ ᠲᠤ ᠪᠣᠯᠤᠭᠰᠠᠨ ᠳᠡᠯᠡᠬᠡᠢ ᠶᠢᠨ ᠠᠪᠤᠷᠭᠤ ᠶᠢᠨ ᠲᠡᠮᠡᠴᠡᠭᠡᠨ ᠦ 81 ᠺᠢᠯᠦᠭᠷᠡᠮ ᠦᠨ ᠵᠢᠩ ᠳᠦ ᠣᠷᠣᠯᠴᠠᠵᠤ ᠬᠦᠷᠡᠯ ᠮᠧᠳᠠᠯ  ᠬᠦᠷᠲᠡᠭᠰᠡᠨ ᠢᠶᠡᠷ ᠳᠡᠯᠡᠬᠡᠢ ᠶᠢᠨ ᠠᠪᠤᠷᠭᠤ ᠶᠢᠨ  ᠢᠬᠢᠷ᠎ᠡ ᠬᠦᠷᠡᠯ ᠮᠸᠲᠠᠯᠲᠠᠨ ᠪᠣᠯᠤᠭᠠᠳ ᠪᠠᠶᠢᠭᠰᠠᠨ ᠶᠤᠮ᠃ ᠢᠩᠭᠢᠬᠦ ᠳᠦ ᠪᠡᠨ ᠮᠣᠩᠭᠣᠯ ᠤᠯᠤᠰ ᠤᠨ ᠬᠦᠨᠳᠦ ᠶᠢ ᠡᠷᠭᠦᠯᠲᠡ ᠶᠢᠨ ᠭᠤᠷᠪᠠᠨ ᠳᠡᠭᠡᠳᠦ ᠠᠮᠵᠢᠯᠲᠠ ᠶᠢ ᠰᠢᠨᠡᠴᠢᠯᠡᠭᠰᠡᠨ ᠪᠢᠯᠡ᠃ ᠮᠥᠨ ᠲᠡᠷᠡᠪᠡᠷ ᠡᠵᠢ ᠪᠣᠯᠤᠭᠠᠳ ᠶᠢᠰᠦᠨ ᠰᠠᠷ᠎ᠠ ᠪᠣᠯᠵᠤ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ