ᠠᠮᠧᠷᠢᠺᠠ ᠢᠷᠭᠡᠨ ᠢ ᠡᠷᠢᠨ ᠬᠠᠶᠢᠬᠤ ᠠᠵᠢᠯᠯᠠᠭ᠎ᠠ ᠶᠢ ᠵᠤᠭᠰᠤᠭᠠᠵᠠᠢ  | News.MN

ᠠᠮᠧᠷᠢᠺᠠ ᠢᠷᠭᠡᠨ ᠢ ᠡᠷᠢᠨ ᠬᠠᠶᠢᠬᠤ ᠠᠵᠢᠯᠯᠠᠭ᠎ᠠ ᠶᠢ ᠵᠤᠭᠰᠤᠭᠠᠵᠠᠢ 

ᠪᠠᠶᠠᠨ-ᠥᠯᠥᠭᠡᠢ ᠠᠶᠢᠮᠠᠭ ᠤᠨ ᠴᠡᠩᠭᠡᠯ ᠰᠤᠮᠤ ᠶᠢᠨ ᠴᠠᠭᠠᠨ ᠭᠣᠣᠯ ᠪᠠᠭ ᠤᠨ ᠨᠤᠲᠤᠭ ᠲᠤ ᠤᠷᠤᠰᠢᠬᠤ ᠠᠯᠲᠠᠢ ᠲᠠᠪᠤᠨ ᠪᠣᠭᠳᠠ ᠠᠭᠤᠯᠠᠨ ᠳᠤ ᠥᠩᠭᠡᠷᠡᠭᠰᠡᠨ ᠰᠠᠷ᠎ᠠ ᠶᠢᠨ 18 ᠍ ᠤ ᠡᠳᠦᠷ ᠠᠪᠠᠷᠢᠭᠠᠳ ᠰᠤᠷᠠᠭ ᠦᠭᠡᠢ ᠪᠣᠯᠤᠭᠰᠠᠨ ᠠᠮᠧᠷᠢᠺᠠ ᠶᠢᠨ ᠢᠷᠭᠡᠨ P ᠢ ᠡᠷᠢᠨ ᠬᠠᠶᠢᠬᠤ ᠠᠵᠢᠯᠯᠠᠭ᠎ᠠ ᠶᠢ ᠲᠡᠭᠦᠨ ᠦ ᠠᠷᠤ ᠭᠡᠷ ᠦᠨ ᠬᠦᠮᠦᠰ ᠦᠨ ᠬᠦᠰᠡᠯᠲᠡ ᠪᠡᠷ ᠵᠤᠭᠰᠤᠭᠠᠵᠠᠢ᠃
ᠲᠤᠰ ᠠᠶᠢᠮᠠᠭ ᠤᠨ ᠣᠨᠴᠠᠭᠠᠢ ᠪᠠᠶᠢᠳᠠᠯ ᠤᠨ ᠭᠠᠵᠠᠷ ᠤᠨ ᠡᠷᠢᠨ ᠬᠠᠶᠢᠬᠤ᠂ ᠠᠪᠤᠷᠠᠬᠤ ᠪᠦᠯᠦᠭ ᠦᠨ ᠠᠯᠪᠠ ᠬᠠᠭᠠᠭᠴᠢᠳ ᠶᠢᠰᠦᠳᠦᠭᠡᠷ ᠰᠠᠷ᠎ᠠ ᠶᠢᠨ 22  ᠠᠴᠠ ᠡᠬᠢᠯᠡᠨ ᠠᠯᠲᠠᠢ ᠲᠠᠪᠤᠨ ᠪᠣᠭᠳᠠ ᠠᠭᠤᠯᠠ ᠶᠢᠨ ᠮᠠᠯᠴᠢᠨ ᠤ ᠣᠷᠭᠢᠯ᠂ ᠬᠦᠢᠲᠡᠨ ᠦ ᠣᠷᠭᠢᠯ ᠳᠤ ᠡᠷᠢᠯ ᠦᠨ ᠦᠢᠯᠡ ᠠᠵᠢᠯᠯᠠᠭ᠎ᠠ ᠵᠣᠬᠢᠶᠠᠨ ᠪᠠᠶᠢᠭᠤᠯᠤᠭᠰᠠᠨ ᠴᠤ ᠦᠷ᠎ᠡ ᠳ᠋ᠦᠩ ᠭᠠᠷᠤᠭ᠎ᠠ ᠦᠭᠡᠢ ᠪᠠᠶᠢᠨ᠎ᠠ᠃ ᠲᠡᠶᠢᠮᠦ ᠤᠴᠢᠷ ᠠᠴᠠ ᠲᠤᠬᠠᠢ ᠶᠢᠨ ᠠᠭᠤᠯᠠ ᠶᠢᠨ ᠣᠶᠢᠷ᠎ᠠ ᠬᠠᠪᠢ ᠶᠢᠨ ᠭᠠᠵᠠᠷ ᠨᠤᠲᠤᠭ ᠢᠶᠠᠷ ᠡᠷᠢᠨ ᠬᠠᠶᠢᠬᠤ ᠠᠵᠢᠯᠯᠠᠭ᠎ᠠ ᠶᠢ ᠶᠠᠪᠤᠭᠤᠯᠵᠤ ᠪᠠᠶᠢᠪᠠ᠃ ᠤᠨᠴᠠᠭᠠᠢ ᠪᠠᠶᠢᠳᠠᠯ ᠤᠨ ᠶᠡᠷᠦᠩᠬᠡᠢ ᠭᠠᠵᠠᠷ ᠍ ᠤᠨ ᠳᠠᠷᠤᠭ᠎ᠠ ᠶᠢᠨ ᠰᠢᠢᠳᠪᠦᠷᠢ ᠪᠡᠷ ︽ᠮᠣᠩᠭᠣᠯ ᠤᠨ ᠠᠭᠤᠯᠠᠴᠢᠳ ᠤᠨ ᠬᠣᠯᠪᠣᠭ᠎ᠠ︾ ᠶᠢᠨ  ᠠᠭᠤᠯᠠᠴᠢᠳ ᠪᠣᠯᠤᠨ ᠪᠠᠶᠠᠨ-ᠥᠯᠥᠭᠡᠢ᠂ ᠤᠪᠰᠤ᠂ ᠬᠣᠪᠳᠣ ᠠᠶᠢᠮᠠᠭ ᠤᠨ ᠣᠨᠴᠠᠭᠠᠢ ᠪᠠᠶᠢᠳᠠᠯ ᠤᠨ ᠭᠠᠵᠠᠷ ᠤᠨ ᠠᠭᠤᠯᠠᠴᠢᠨ ᠠᠪᠤᠷᠠᠭᠴᠢᠳ ᠢᠶᠠᠷ ᠬᠦᠴᠦ ᠨᠡᠮᠡᠭᠳᠡᠭᠦᠯᠦᠨ᠂ ᠡᠷᠢᠯ ᠦᠨ ᠠᠵᠢᠯᠯᠠᠭ᠎ᠠ ᠶᠢ ᠵᠣᠬᠢᠶᠠᠨ ᠪᠠᠶᠢᠭᠤᠯᠵᠤ ᠪᠠᠶᠢᠭᠰᠠᠨ ᠴᠤ ᠮᠥᠨ ᠦᠷ᠎ᠡ ᠳ᠋ᠦᠩ ᠭᠠᠷᠤᠭ᠎ᠠ ᠦᠭᠡᠢ ᠠᠵᠡᠢ᠃

ᠰᠡᠳᠬᠢᠭᠳᠡᠯ ᠦᠯᠡᠳᠡᠭᠡᠬᠦ