ᠵᠤᠨᠵᠢᠨ ᠠᠷᠠᠳᠴᠢᠯᠠᠭᠰᠠᠨ ᠨᠠᠮ ᠍ ᠤᠨ ᠠᠶ᠎ᠠ ᠲᠠᠯ᠎ᠠ ᠶᠢ ᠬᠠᠷᠠᠯ᠎ᠠ  | News.MN

ᠵᠤᠨᠵᠢᠨ ᠠᠷᠠᠳᠴᠢᠯᠠᠭᠰᠠᠨ ᠨᠠᠮ ᠍ ᠤᠨ ᠠᠶ᠎ᠠ ᠲᠠᠯ᠎ᠠ ᠶᠢ ᠬᠠᠷᠠᠯ᠎ᠠ 

ᠤᠯᠤᠰ ᠤᠨ ᠶᠡᠬᠡ ᠬᠤᠷᠠᠯ ᠤᠨ ᠴᠢᠭᠤᠯᠭᠠᠨ ᠬᠤᠷᠠᠯᠳᠤᠵᠤ᠂ ᠠᠷᠠᠳ ᠨᠡᠶᠢᠲᠡ ᠶᠢᠨ ᠰᠠᠨᠠᠯ ᠠᠰᠠᠭᠤᠯᠭ᠎ᠠ ᠶᠠᠪᠤᠭᠤᠯᠬᠤ᠂ ᠮᠣᠩᠭᠣᠯ ᠤᠯᠤᠰ ᠤᠨ ᠦᠨᠳᠦᠰᠦᠨ ᠬᠠᠤᠯᠢ ᠶᠢᠨ ᠨᠡᠮᠡᠯᠲᠡ ᠥᠭᠡᠷᠡᠴᠢᠯᠡᠯᠲᠡ ᠶᠢᠨ ᠡᠬᠡ ᠶᠢ ᠪᠠᠲᠤᠯᠠᠬᠤ ᠲᠤᠬᠠᠢ ᠤᠯᠤᠰ ᠤᠨ ᠶᠡᠬᠡ ᠬᠤᠷᠠᠯ ᠤᠨ 2019 ᠣᠨ ᠤ 73 ᠳ᠋ᠤᠭᠠᠷ ᠲᠣᠭᠲᠠᠭᠠᠯ ᠳᠤ ᠪᠦᠬᠦᠯᠢ ᠳᠦ ᠨᠢ ᠲᠠᠯᠪᠢᠭᠰᠠᠨ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠬᠣᠷᠢᠭ ᠢ  ᠬᠡᠯᠡᠯᠴᠡᠬᠦ ᠦᠶ᠎ᠡ ᠪᠡᠷ ᠤᠯᠤᠰ ᠤᠨ ᠶᠡᠬᠡ ᠬᠤᠷᠠᠯ ᠤᠨ ᠭᠡᠰᠢᠭᠦᠨ ᠰ ∙ᠪᠢᠮᠪᠠᠴᠤᠭᠲᠤ᠄ ᠪᠢᠳᠡ ᠦᠨᠳᠦᠰᠦᠨ ᠬᠠᠤᠯᠢ ᠳᠤ ᠨᠡᠮᠡᠯᠲᠡ ᠥᠭᠡᠷᠡᠴᠢᠯᠡᠯᠲᠡ ᠤᠷᠤᠭᠤᠯᠬᠤ᠂ ᠳᠤᠤᠷᠠᠳᠠᠭᠤᠯᠤᠭᠰᠠᠨ ᠳᠣᠯᠣᠭᠠᠨ ᠥᠭᠡᠷᠡᠴᠢᠯᠡᠯᠲᠡ ᠶᠢ ᠵᠠᠰᠠᠬᠤ ᠲᠤᠬᠠᠢ ᠣᠯᠠᠨ ᠵᠢᠯ ᠶᠠᠷᠢᠭᠰᠠᠨ᠃ ᠡᠨᠡ ᠪᠦᠬᠦᠨ ᠦ ᠡᠴᠦᠰ ᠲᠦ ᠤᠯᠤᠰ ᠤᠨ ᠶᠡᠬᠡ ᠬᠤᠷᠠᠯ ᠤᠨ ᠨᠡᠷ᠎ᠡ ᠪᠦᠬᠦᠢ 62 ᠭᠡᠰᠢᠭᠦᠨ ᠬᠠᠤᠯᠢ ᠶᠢᠨ ᠲᠥᠰᠥᠯ ᠪᠠᠷᠢᠭᠰᠠᠨ᠃ ᠮᠣᠩᠭᠣᠯ ᠤᠯᠤᠰ ᠤᠨ ᠶᠡᠷᠦᠩᠬᠡᠶᠢᠯᠡᠭᠴᠢ ᠪᠡᠷ ᠠᠬᠠᠯᠠᠭᠤᠯᠤᠭᠰᠠᠨ ᠵᠥᠪᠰᠢᠯᠴᠡᠯ ᠦᠨ ᠠᠵᠢᠯ ᠤᠨ ᠬᠡᠰᠡᠭ ᠬᠦᠷᠲᠡᠯ᠎ᠡ ᠠᠵᠢᠯᠯᠠᠭᠰᠠᠨ᠃ ᠡᠨᠡ ᠤᠳᠠᠭ᠎ᠠ ᠶᠢᠨ ᠨᠡᠮᠡᠯᠲᠡ ᠥᠭᠡᠷᠡᠴᠢᠯᠡᠯᠲᠡ  ᠳᠤ ᠰᠢᠭᠦᠬᠦ ᠵᠠᠰᠠᠭᠯᠠᠯ ᠢ ᠬᠠᠷᠢᠶᠠᠲᠤ ᠪᠠᠶᠢᠳᠠᠯ ᠠᠴᠠ ᠨᠢ ᠭᠠᠷᠭᠠᠭᠰᠠᠨ ᠴᠢᠬᠤᠯᠠ ᠵᠢᠭᠠᠯᠲᠠ ᠣᠷᠣᠭᠰᠠᠨ᠃

ᠥᠨᠥᠳᠥᠷ ᠮᠣᠩᠭᠣᠯ ᠤᠯᠤᠰ ᠲᠤ ᠪᠣᠯᠵᠤ ᠪᠥᠲᠥᠬᠦ ᠦᠭᠡᠢ ᠪᠠᠶᠢᠭ᠎ᠠ ᠪᠦᠬᠦ ᠵᠦᠢᠯ ᠦᠨᠳᠦᠰᠦᠨ ᠬᠠᠤᠯᠢ ᠠᠴᠠ ᠪᠣᠯᠤᠯ᠎ᠠ ᠭᠡᠳᠡᠭ ᠬᠢᠷᠢᠨ᠎ᠡ ᠥᠭᠡᠷᠡᠴᠢᠯᠡᠬᠦ ᠲᠤᠬᠠᠢ ᠶᠠᠷᠢᠬᠤ ᠳᠤ᠂ ᠡᠰᠡᠷᠭᠦᠴᠡᠳᠡᠭ ᠬᠦᠮᠦᠰ ᠢ ᠭᠠᠶᠢᠬᠠᠵᠤ ᠪᠠᠶᠢᠨ᠎ᠠ᠃  ᠡᠪᠯᠡᠭᠡᠳ ᠶᠠᠪᠤᠪᠠᠯ ᠦᠨᠳᠦᠰᠦᠨ ᠬᠠᠤᠯᠢ ᠶᠢᠨ ᠨᠡᠮᠡᠯᠲᠡ ᠥᠭᠡᠷᠡᠴᠢᠯᠡᠯᠲᠡ ᠵᠥᠪ ᠱᠠᠲᠤᠨ ᠳᠤ ᠪᠠᠨ ᠶᠠᠪᠤᠨ᠎ᠠ᠃ ᠡᠪᠳᠡᠷᠡᠪᠡᠯ ᠳᠠᠬᠢᠭᠠᠳ 10 ᠵᠢᠯ ᠦᠨᠳᠦᠰᠦᠨ ᠬᠠᠤᠯᠢ ᠪᠠᠨ ᠥᠭᠡᠷᠡᠴᠢᠯᠡᠬᠦ ᠲᠤᠬᠠᠢ ᠶᠠᠷᠢᠨ᠎ᠠ᠃  ᠵᠤᠨᠵᠢᠨ ᠠᠷᠠᠳᠴᠢᠯᠠᠭᠰᠠᠨ ᠨᠠᠮ ᠍ ᠤᠨ ᠠᠶ᠎ᠠ ᠲᠠᠯ᠎ᠠ ᠶᠢ ᠬᠠᠷᠠᠯ᠎ᠠ᠃ ᠠᠷᠠᠳ ᠨᠡᠶᠢᠲᠡ ᠶᠢᠨ ᠰᠠᠨᠠᠯ ᠠᠰᠠᠭᠤᠯᠭ᠎ᠠ ᠶᠠᠪᠤᠭᠤᠯᠤᠶ᠎ᠠ ᠭᠡᠬᠦ ᠪᠡᠷ ᠨᠢ ᠶᠠᠪᠤᠭᠤᠯᠬᠤ ᠪᠠᠷ ᠪᠣᠯᠤᠯ᠎ᠠ᠃ ᠭᠠᠷᠭᠠᠭᠰᠠᠨ ᠰᠠᠨᠠᠯ ᠤᠳ ᠢ ᠨᠢ ᠬᠦᠯᠢᠶᠡᠨ ᠠᠪᠤᠯ᠎ᠠ᠃ ᠭᠡᠲᠡᠯ᠎ᠡ ᠣᠳᠣ ᠪᠠᠰᠠ ᠥᠭᠡᠷ᠎ᠡ ᠶᠠᠭᠤᠮ᠎ᠠ  ᠶᠠᠷᠢᠭᠠᠳ ᠪᠠᠶᠢᠬᠤ ᠶᠤᠮ ᠭᠡᠯ᠎ᠡ᠃
ᠮᠥᠨ ᠤᠯᠤᠰ ᠤᠨ ᠶᠡᠬᠡ ᠬᠤᠷᠠᠯ ᠤᠨ ᠭᠡᠰᠢᠭᠦᠨ ᠲ∙ᠠᠶᠤᠤᠷᠰᠠᠶᠢᠬᠠᠨ᠄ ᠦᠨᠳᠦᠰᠦᠨ ᠬᠠᠤᠯᠢ ᠶᠢᠨ ᠨᠡᠮᠡᠯᠲᠡ ᠥᠭᠡᠷᠡᠴᠢᠯᠡᠯᠲᠡ ᠶᠢ ᠳᠡᠮᠵᠢᠬᠦ ᠦᠭᠡᠢ ᠪᠠᠶᠢᠭ᠎ᠠ ᠬᠦᠮᠦᠰ ᠲᠠᠪᠤᠨ ᠰᠢᠯᠲᠠᠭᠠᠨ ᠲᠠᠢ ᠪᠠᠶᠢᠭ᠎ᠠ᠃ ᠡᠬᠢᠨ ᠦ ᠬᠢᠨᠢ ᠣᠳᠣ ᠶᠢᠨ ᠶᠡᠷᠦᠩᠬᠡᠶᠢᠯᠡᠭᠴᠢ ᠡᠷᠬᠡ ᠮᠡᠳᠡᠯ ᠢᠶᠡᠨ ᠠᠯᠳᠠᠬᠤ ᠶᠢ ᠬᠦᠰᠡᠬᠦ ᠦᠭᠡᠢ ᠪᠠᠶᠢᠨ᠎ᠠ᠃ ᠶᠠᠭᠠᠬᠢᠭᠠᠳ ᠭᠡᠪᠡᠯ᠂ ᠦᠨᠳᠦᠰᠦᠨ ᠬᠠᠤᠯᠢ ᠶᠢᠨ ᠨᠡᠮᠡᠯᠲᠡ ᠥᠭᠡᠷᠡᠴᠢᠯᠡᠯᠲᠡ ᠶᠢᠨ ᠲᠥᠰᠥᠯ ᠳᠦ ᠶᠡᠷᠦᠩᠬᠡᠶᠢᠯᠡᠭᠴᠢ ᠶᠢᠨ ᠡᠷᠬᠡ ᠮᠡᠳᠡᠯ ᠢ ᠴᠡᠭᠴᠡᠯᠡᠭᠰᠡᠨ᠃ ᠶᠠᠭ ᠡᠨᠡ ᠰᠢᠯᠲᠠᠭᠠᠨ ᠢᠶᠠᠷ ᠳᠠᠷᠠᠭ᠎ᠠ ᠶᠢᠨ ᠶᠡᠷᠦᠩᠬᠡᠶᠢᠯᠡᠭᠴᠢ ᠶᠢᠨ ᠰᠣᠩᠭᠣᠭᠤᠯᠢ ᠳᠤ ᠨᠡᠷ᠎ᠡ ᠳᠡᠪᠰᠢᠵᠦ᠂ ᠶᠡᠷᠦᠩᠬᠡᠶᠢᠯᠡᠭᠴᠢ ᠪᠣᠯᠬᠤ ᠰᠠᠨᠠᠭ᠎ᠠ ᠲᠠᠢ ᠬᠦᠮᠦᠰ ᠳᠡᠮᠵᠢᠬᠦ ᠦᠭᠡᠢ ᠪᠠᠶᠢᠭ᠎ᠠ᠃ ᠮᠥᠨ ᠪᠠᠷᠢᠴᠠᠭᠠᠯᠠᠭᠳᠠᠭᠰᠠᠨ ᠬᠦᠮᠦᠰ ᠴᠤ ᠪᠠᠶᠢᠭ᠎ᠠ ᠭᠡᠰᠡᠨ ᠶᠤᠮ᠃

ᠰᠡᠳᠬᠢᠭᠳᠡᠯ ᠦᠯᠡᠳᠡᠭᠡᠬᠦ