ᠢᠨᠳᠤᠨᠢᠰᠢᠶ᠎ᠡ ᠳᠤ ᠪᠣᠯᠤᠭᠰᠠᠨ ᠣᠢ ᠲᠣᠭᠲᠠᠭᠠᠯᠲᠠ ᠶᠢᠨ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠨᠡ ᠰᠠᠷ᠎ᠠ ᠶᠢᠨ 5-6 ᠍ ᠳᠦ ᠪᠣᠯᠵᠠᠢ᠃ ᠲᠡᠮᠡᠴᠡᠭᠡᠨ ᠳᠦ 13 ᠣᠷᠣᠨ ᠤ 133 ᠲᠠᠮᠢᠷᠴᠢᠳ ᠣᠷᠣᠯᠴᠠᠭᠰᠠᠨ ᠪᠠᠶᠢᠨ᠎ᠠ᠃ ᠮᠣᠩᠭᠣᠯ ᠤᠯᠤᠰ ᠢ ᠲᠥᠯᠥᠭᠡᠯᠡᠨ 16 ᠲᠠᠮᠢᠷᠴᠢᠨ ᠣᠷᠣᠯᠴᠠᠭᠰᠠᠨ ᠪᠥᠭᠡᠳ ᠲᠡᠮᠡᠴᠡᠭᠡᠨ ᠦ ᠨᠡᠶᠢᠲᠡ 90 ᠮᠧᠳᠠᠯ ᠤᠨ 67 ᠶᠢ ᠨᠢ ᠮᠣᠩᠭᠣᠯ ᠤᠨ ᠲᠠᠮᠢᠷᠴᠢᠳ ᠬᠦᠷᠲᠡᠵᠡᠢ᠃ ᠲᠤᠬᠠᠶᠢᠯᠠᠪᠠᠯ᠂ 21 ᠠᠯᠲᠠ᠂ 24 ᠮᠥᠩᠭᠥ᠂ 22 ᠬᠦᠷᠡᠯ ᠮᠧᠳᠠᠯ ᠬᠦᠷᠲᠡᠭᠰᠡᠨ ᠪᠠᠶᠢᠨ᠎ᠠ᠃
ᠢᠩᠭᠢᠭᠡᠳ ᠪᠠᠭ ᠤᠨ ᠨᠡᠶᠢᠯᠡᠪᠦᠷᠢ ᠳ᠋ᠦᠩ ᠢᠶᠡᠷ ᠮᠣᠩᠭᠣᠯ ᠤᠯᠤᠰ ᠲᠡᠷᠢᠭᠦᠯᠡᠵᠦ᠂ ᠬᠣᠶᠠᠷ ᠲᠤ ᠂ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ᠂ ᠭᠤᠷᠪᠠ ᠳᠤ ᠢᠨᠳᠤᠨᠢᠰᠢᠶ᠎ᠡ ᠶᠢᠨ ᠪᠠᠭ ᠣᠷᠣᠭᠰᠠᠨ ᠪᠠᠶᠢᠨ᠎ᠠ᠃
ᠡᠭᠦᠪᠡᠷ ᠵᠣᠭᠰᠣᠬᠤ ᠦᠭᠡᠢ ᠳᠡᠯᠡᠬᠡᠢ ᠶᠢᠨ ᠳᠥᠷᠪᠡᠨ ᠷᠧᠺᠣᠷᠳ᠋ ᠢ ᠰᠢᠨᠡᠴᠢᠯᠡᠵᠡᠢ᠃ ᠲᠤᠬᠠᠶᠢᠯᠠᠪᠠᠯ᠂ ︽ᠬᠣᠶᠠᠷᠲᠤ ᠶᠢᠨ ᠲᠣᠭᠠᠯᠠᠯ︾ ᠲᠥᠷᠥᠯ ᠳᠦ ᠪᠠᠭ᠎ᠠ ᠨᠠᠰᠤᠨ ᠤ ᠠᠩᠭᠢᠯᠠᠯ ᠳᠤ ᠱ∙ᠨᠠᠷᠠᠨᠪᠠᠲᠤ 30 ᠮᠢᠨᠦ᠋ᠲ ᠲᠤ 3555 ᠼᠢᠹᠷ᠂ ᠥᠰᠪᠦᠷᠢ ᠨᠠᠰᠤᠨ ᠤ ᠠᠩᠭᠢᠯᠠᠯ ᠳᠤ ᠤ᠊∙ᠰᠣᠯᠣᠩᠭ᠎ᠠ 4809 ᠼᠢᠹᠷ᠂ ︽ᠣᠯᠠᠨ ᠪᠠᠭᠴᠠ︾ ᠲᠥᠷᠥᠯ ᠳᠦ ᠡ᠊∙ᠯᠾᠬᠠᠪᠠᠳᠤᠯᠮ᠎ᠠ 978 ᠬᠥᠵᠥᠷ᠂ ︽ᠲᠣᠭᠠᠨ ᠤ ᠮᠠᠷᠠᠹᠣᠨ︾ ᠲᠥᠷᠥᠯ ᠳᠦ ᠡ᠊∙ᠯᠾᠬᠠᠪᠠᠳᠤᠯᠮ᠎ᠠ 1612 ᠼᠢᠹᠷ ᠲᠣᠭᠲᠠᠭᠠᠨ ᠳᠡᠯᠡᠬᠡᠢ ᠶᠢᠨ ᠷᠧᠺᠣᠷᠳ᠋ ᠢ ᠰᠢᠨᠡᠴᠢᠯᠡᠨ ᠲᠣᠭᠲᠠᠭᠠᠯ᠎ᠠ᠃