ᠲᠥᠷᠥ ᠶᠢᠨ ᠰᠤᠶᠤᠷᠬᠠᠯᠲᠤ ᠳ∙ᠪᠣᠯᠣᠳ ᠰᠢᠨ᠎ᠡ ᠰᠲ᠋ᠦ᠋ᠳᠢ ᠪᠠᠶᠢᠭᠤᠯᠵᠠᠢ  | News.MN

ᠲᠥᠷᠥ ᠶᠢᠨ ᠰᠤᠶᠤᠷᠬᠠᠯᠲᠤ ᠳ∙ᠪᠣᠯᠣᠳ ᠰᠢᠨ᠎ᠡ ᠰᠲ᠋ᠦ᠋ᠳᠢ ᠪᠠᠶᠢᠭᠤᠯᠵᠠᠢ 

ᠲᠥᠷᠥ ᠶᠢᠨ ᠰᠤᠶᠤᠷᠬᠠᠯᠲᠤ᠂ ᠺᠠᠮᠧᠷᠲ᠋ᠣᠨ ᠬᠠᠮᠲᠤᠯᠢᠭ ᠤᠨ ᠠᠬᠠᠯᠠᠭᠴᠢ᠂ Voice of Mongolia  ᠴᠡᠩᠭᠡᠭᠦᠨ ᠤ ᠰᠢᠭᠦᠭᠴᠢ᠂ ᠳᠠᠭᠤᠴᠢᠨ ᠳ∙ᠪᠣᠯᠣᠳ ᠥᠪᠡᠷ ᠦᠨ ᠰᠲ᠋ᠦ᠋ᠳᠢ ᠪᠠᠶᠢᠭᠤᠯᠵᠠᠢ᠃ ᠲᠡᠷᠡᠪᠡᠷ ᠰᠢᠨ᠎ᠡ ᠰᠲ᠋ᠦ᠋ᠳᠢ ᠪᠡᠨ 440Hz records ᠬᠡᠮᠡᠨ ᠨᠡᠷᠡᠯᠡᠭᠰᠡᠨ ᠪᠥᠭᠡᠳ ᠬᠥᠭᠵᠢᠮ ᠦᠨ ᠯᠢᠶᠠ ᠨᠣᠲ ᠬᠠᠮᠤᠭ ᠤᠨ ᠴᠡᠪᠡᠷ᠂ ᠲᠤᠩᠭᠠᠯᠠᠭ ᠳᠤᠤᠭᠠᠷᠳᠠᠭ᠂ ᠥᠭᠡᠷ᠎ᠡ ᠪᠡᠷ ᠬᠡᠯᠡᠪᠡᠯ᠂ 440 Hz  ᠢᠶᠡᠷ ᠬᠡᠯᠪᠡᠯᠵᠡᠵᠦ ᠳᠤᠤᠭᠠᠷᠳᠠᠭ ᠭᠡᠰᠡᠨ ᠦᠭᠡ ᠶᠤᠮ᠃
ᠳ∙ᠪᠣᠯᠣᠳ ᠣᠳᠣ ᠠᠴᠠ 13 ᠵᠢᠯ ᠦᠨ ᠡᠮᠦᠨ᠎ᠡ B Production ᠍ ᠢ ᠡᠭᠦᠰᠬᠡᠨ ᠪᠠᠶᠢᠭᠤᠯᠵᠤ᠂ ᠳᠠᠭᠤᠴᠢᠨ ᠪ∙ᠮᠠᠷᠠᠯᠵᠢᠨᠭᠣᠸ᠎ᠠ᠂ ᠲ∙ᠡᠭᠡᠰᠢᠭᠯᠡᠨ᠂ ᠠᠭᠢᠮ᠎ᠠ᠂ ︽ᠭᠤᠷᠪᠠᠨ ᠥᠬᠢᠨ︾ ᠬᠠᠮᠲᠤᠯᠢᠭ᠂ ︽ᠪᠢᠳᠡ 4︾ ᠬᠠᠮᠲᠤᠯᠢᠭ ᠤᠨ ᠬᠡᠳᠦ ᠬᠡᠳᠦᠨ ᠠᠪᠢᠶᠠᠰᠯᠢᠭ ᠤᠷᠠᠨ ᠪᠦᠲᠦᠭᠡᠯᠴᠢᠳ ᠢ ᠣᠯᠠᠨ ᠤ ᠲᠠᠨᠢᠯ ᠪᠣᠯᠭᠠᠭᠰᠠᠨ ᠪᠠᠶᠢᠳᠠᠭ᠃ ᠡᠨᠡ ᠤᠳᠠᠭ᠎ᠠ ᠳᠠᠭᠤᠴᠢᠨ ᠳ∙ᠪᠣᠯᠣᠳ ᠥᠪᠡᠷ ᠦᠨ ᠰᠢᠨ᠎ᠡ ᠤᠷᠠᠨ ᠪᠦᠲᠦᠭᠡᠯ ᠢᠶᠡᠨ ᠰᠣᠨᠣᠰᠤᠭᠴᠢᠳ ᠲᠤ ᠪᠠᠨ ᠬᠦᠷᠭᠡᠬᠦ ᠡᠴᠡ ᠭᠠᠳᠠᠨ᠎ᠠ Voice of Mongolia ᠴᠡᠩᠭᠡᠭᠦᠨ ᠳᠦ ᠲᠡᠭᠦᠨ ᠦ ᠪᠠᠭ ᠲᠤ ᠪᠠᠶᠢᠭᠰᠠᠨ ᠳᠠᠭᠤᠴᠢᠳ ᠤᠨ ᠰᠢᠨ᠎ᠡ ᠳᠠᠭᠤᠤ ᠨᠤᠭᠤᠳ ᠢ ᠣᠯᠠᠨ ᠤ ᠬᠦᠷᠲᠡᠭᠡᠯ ᠪᠣᠯᠭᠠᠬᠤ ᠳᠤ ᠪᠡᠯᠡᠨ ᠪᠣᠯᠵᠠᠢ᠃

ᠰᠡᠳᠬᠢᠭᠳᠡᠯ ᠦᠯᠡᠳᠡᠭᠡᠬᠦ