︽ᠠᠯᠤᠰ ᠤᠨ ᠤᠳᠤᠷᠢᠳᠤᠯᠭ᠎ᠠ︾ ᠺᠢᠨᠤ᠋ ᠶᠢ ᠲᠤᠯᠢᠯᠠᠭᠤᠯᠤᠨ᠎ᠠ | News.MN

 ︽ᠠᠯᠤᠰ ᠤᠨ ᠤᠳᠤᠷᠢᠳᠤᠯᠭ᠎ᠠ︾ ᠺᠢᠨᠤ᠋ ᠶᠢ ᠲᠤᠯᠢᠯᠠᠭᠤᠯᠤᠨ᠎ᠠ

︽ᠤᠯᠠᠭᠠᠨᠪᠠᠭᠠᠲᠤᠷ ᠮᠦᠽᠧᠢ︾ ᠲᠥᠰᠥᠯ᠂ Dreamer’s Day ᠺᠢᠨᠣ᠋ ᠡᠳᠦᠷᠯᠢᠭ ᠬᠠᠮᠲᠤᠷᠠᠨ ᠳᠡᠯᠡᠬᠡᠢ ᠶᠢᠨ ᠨᠡᠷ᠎ᠡ ᠬᠦᠨᠳᠦᠲᠡᠢ ᠪᠤᠰᠠᠨ ᠤ ᠣᠯᠠᠨ ᠤᠯᠤᠰ ᠤᠨ ᠺᠢᠨᠣ᠋ ᠨᠠᠭᠠᠳᠤᠮ ᠤᠨ ︽ᠰᠢᠨ᠎ᠡ ᠳᠠᠪᠠᠯᠭ᠎ᠠ︾ ᠱᠠᠩᠨᠠᠯᠲᠤ ᠪᠦᠲᠦᠭᠡᠯ ︽ᠠᠯᠤᠰ ᠤᠨ ᠤᠳᠤᠷᠢᠳᠤᠯᠭ᠎ᠠ︾ ᠺᠢᠨᠤ᠋ ᠶᠢ ᠦᠵᠡᠭᠴᠢᠳ ᠲᠦ ᠲᠣᠯᠢᠯᠠᠭᠤᠯᠬᠤ ᠪᠠᠷ ᠪᠣᠯᠵᠠᠢ᠃
ᠨᠠᠶᠢᠷᠠᠭᠤᠯᠤᠭᠴᠢ ᠰ∙ᠪᠢᠮᠪᠠ ᠶᠢᠨ ᠡᠨᠡᠬᠦ ᠪᠦᠲᠦᠭᠡᠯ 2014 ᠣᠨ ᠳᠤ ᠨᠡᠭᠡᠭᠡᠯᠲᠡ ᠪᠡᠨ ᠬᠢᠭᠰᠡᠨ ᠡᠴᠡ ᠬᠣᠶᠢᠰᠢ ᠨᠢᠳᠧᠷᠯᠠᠨ᠋ᠳ᠋ ᠍ ᠤᠨ ᠸᠠᠩᠲᠤ ᠤᠯᠤᠰ ᠤᠨ ᠬᠠᠨ ᠬᠦᠦ ᠺᠯᠠᠤᠰ ᠤᠨ ᠨᠡᠷᠡᠮᠵᠢᠲᠦ ᠲᠤᠰᠬᠠᠢ ᠱᠠᠩᠨᠠᠯ᠂ ᠷᠣᠲᠲ᠋ᠧᠷᠳᠠᠮ ᠤᠨ ᠣᠯᠠᠨ ᠤᠯᠤᠰ ᠤᠨ ᠺᠢᠨᠣ᠋ ᠨᠠᠭᠠᠳᠤᠮ ᠤᠨ ᠳᠡᠷᠭᠡᠳᠡᠬᠢ ᠬᠤᠪᠧᠷᠲ ᠪᠠᠯᠠᠰ ᠰᠠᠩ ᠤᠨ ᠱᠠᠩᠨᠠᠯ ᠢ ᠲᠤᠰ ᠲᠤᠰ  ᠬᠦᠷᠲᠡᠬᠦ ᠡᠴᠡ ᠭᠠᠳᠠᠨ᠎ᠠ ᠮᠧᠯᠪᠦᠷᠠᠨ ᠤ ᠣᠯᠠᠨ ᠤᠯᠤᠰ ᠤᠨ ᠺᠢᠨᠣ᠋ ᠦᠵᠡᠭᠦᠯᠦᠯᠭᠡ ᠳᠤ ᠰᠢᠯᠭᠠᠷᠠᠭᠰᠠᠨ ᠠᠩᠬᠠᠨ ᠤ ᠮᠣᠩᠭᠣᠯ ᠺᠢᠨᠣ᠋ ᠪᠣᠯᠤᠭᠰᠠᠨ ᠶᠤᠮ᠃ ᠰ∙ᠪᠢᠮᠪᠠ ︽ᠬᠦᠢ︾ ᠪᠣᠭᠣᠨᠢ ᠬᠡᠮᠵᠢᠶᠡᠨ ᠦ ᠺᠢᠨᠣ᠋ ᠪᠣᠯᠤᠨ ︽ᠬᠦᠰᠡᠯ ᠰᠢᠨᠤᠯ︾ ᠪᠠᠷᠢᠮᠲᠠᠲᠤ ᠺᠢᠨᠣ᠋ ᠍ ᠪᠠᠷ ᠢᠶᠠᠨ ᠺᠢᠨᠣ᠋ ᠰᠣᠨᠢᠷᠬᠠᠭᠴᠢᠳ ᠤᠨ ᠲᠠᠯᠠᠷᠬᠠᠯ ᠢ ᠬᠦᠯᠢᠶᠡᠭᠰᠡᠨ ᠨᠠᠶᠢᠷᠠᠭᠤᠯᠤᠭᠴᠢ ᠶᠤᠮ᠃

ᠰᠡᠳᠬᠢᠭᠳᠡᠯ ᠦᠯᠡᠳᠡᠭᠡᠬᠦ