The HU ᠨᠡᠷ᠎ᠡ ᠲᠡᠢ ᠱᠣᠺᠣᠯᠠᠳ᠋ ᠬᠤᠳᠠᠯᠳᠤᠭᠠᠨ ᠳᠤ ᠭᠠᠷᠴᠠᠢ  | News.MN

The HU ᠨᠡᠷ᠎ᠡ ᠲᠡᠢ ᠱᠣᠺᠣᠯᠠᠳ᠋ ᠬᠤᠳᠠᠯᠳᠤᠭᠠᠨ ᠳᠤ ᠭᠠᠷᠴᠠᠢ 

ᠳᠡᠯᠡᠬᠡᠢ ᠳᠦ ᠨᠡᠷ᠎ᠡ ᠪᠡᠨ ᠴᠤᠤᠷᠢᠶᠠᠲᠤᠭᠤᠯᠤᠭᠠᠳ ᠪᠤᠢ THE HU ᠬᠠᠮᠲᠤᠯᠢᠭ ᠣᠯᠠᠨ ᠤᠯᠤᠰ ᠲᠤ ᠮᠠᠰᠢ ᠣᠯᠠᠨ ᠰᠢᠲᠦᠭᠴᠢ ᠲᠡᠢ ᠪᠣᠯᠵᠤ᠂ ᠲᠡᠳᠡᠨ ᠢ ᠪᠢᠰᠢᠷᠡᠭᠰᠡᠨ ᠭᠠᠳᠠᠭᠠᠳᠤ ᠶᠢᠨ ᠬᠢᠨ ᠤ ᠳᠠᠪᠠᠯᠭ᠎ᠠ ᠡᠭᠦᠰᠦᠭᠡᠳ ᠪᠤᠢ᠃ ᠲᠤᠰ ᠬᠠᠮᠲᠤᠯᠢᠭ ᠤᠨ ᠨᠡᠷ᠎ᠡ ᠲᠡᠢ ᠱᠣᠺᠣᠯᠠᠳ᠋ ᠠᠮᠧᠷᠢᠺᠠ ᠶᠢᠨ ᠸᠠᠰᠢᠩᠲ᠋ᠤᠨ ᠬᠤᠲᠠ ᠶᠢᠨ D.C ᠍ ᠦᠨ Pershing DR Arlington ᠭᠤᠳᠤᠮᠵᠢᠨ ᠳᠤ ᠵᠠᠷᠤᠭᠳᠠᠬᠤ ᠪᠣᠯᠵᠠᠢ᠃ ᠡᠮᠦᠨ᠎ᠡ ᠨᠢ ᠬᠠᠮᠲᠤᠯᠢᠭ ᠤᠨ ᠨᠡᠷ᠎ᠡ ᠪᠡᠷ ᠵᠠᠭᠪᠤᠷ ᠤᠨ ᠴᠡᠩᠭᠡᠭᠦᠨ ᠵᠣᠬᠢᠶᠠᠭᠳᠠᠭᠰᠠᠨ ᠲᠡᠳᠦᠢ ᠦᠭᠡᠢ THE HU ᠍ ᠦᠨ ᠰᠢᠲᠦᠭᠴᠢ ᠬᠣᠣᠰ ᠮᠣᠩᠭᠣᠯ ᠶᠣᠰᠣ ᠵᠠᠩᠰᠢᠯ ᠢᠶᠠᠷ ᠬᠤᠷᠢᠮ ᠢᠶᠠᠨ ᠬᠢᠬᠦ ᠪᠡᠷ ᠪᠣᠯᠤᠭᠰᠠᠨ ᠢᠶᠠᠨ The HU Fan club ᠍ ᠦᠨ  ᠭᠷᠦ᠋ᠫ ᠢᠶᠡᠷ ᠳᠠᠮᠵᠢᠭᠤᠯᠤᠨ ᠮᠡᠳᠡᠭᠳᠡᠵᠦ ᠪᠠᠶᠢᠪᠠ᠃
ᠣᠨᠴᠠᠯᠠᠬᠤ ᠳᠤ᠂ ᠾᠦᠩᠨᠤ ᠷᠣᠺ ᠤᠷᠤᠰᠬᠠᠯ ᠢᠶᠠᠷ ᠤᠷᠠᠨ ᠪᠦᠲᠦᠭᠡᠯ ᠢᠶᠡᠨ ᠲᠤᠭᠤᠷᠪᠢᠳᠠᠭ The Hu ᠬᠠᠮᠲᠤᠯᠢᠭ ᠤᠨ ︽ᠭᠡᠷᠡᠭᠡ︾ ᠴᠣᠮᠣᠭ ᠡᠨᠡ ᠣᠨ ᠤ ᠶᠢᠰᠦᠳᠦᠭᠡᠷ ᠰᠠᠷ᠎ᠠ ᠶᠢᠨ 13᠍ ᠳᠦ ᠳᠡᠯᠡᠬᠡᠢ ᠶᠢᠨ ᠤᠯᠤᠰ ᠣᠷᠣᠨ ᠨᠤᠭᠤᠳ ᠢᠶᠠᠷ ᠨᠢᠭᠡᠨ ᠵᠡᠷᠭᠡ ᠬᠤᠳᠠᠯᠳᠤᠭᠠᠯᠠᠭᠳᠠᠵᠤ ᠡᠬᠢᠯᠡᠭᠰᠡᠨ ᠶᠤᠮ᠃ ᠴᠣᠮᠣᠭ ᠤᠨ ᠨᠡᠭᠡᠭᠡᠯᠲᠡ ᠲᠡᠢ ᠵᠡᠷᠭᠡᠴᠡᠭᠦᠯᠦᠨ ᠲᠤᠰ ᠬᠠᠮᠲᠤᠯᠢᠭ ᠤᠨ ᠬᠢᠨ ᠠᠮᠧᠷᠢᠺᠠ ᠳᠦ ᠠᠶᠠᠯᠠᠨ ᠲᠣᠭᠯᠠᠯᠲᠠ ᠪᠠᠨ ᠡᠬᠢᠯᠡᠭᠦᠯᠵᠦ ᠪᠠᠶᠢᠭᠰᠠᠨ ᠪᠥᠭᠡᠳ ᠡᠨᠡ ᠦᠶ᠎ᠡ ᠪᠡᠷ ︽ᠭᠡᠷᠡᠭᠡ︾ ᠴᠣᠮᠣᠭ ᠨᠢ ᠲᠤᠬᠠᠢ ᠶᠢᠨ ᠳᠣᠯᠣᠭᠠᠨ ᠬᠣᠨᠣᠭ ᠤᠨ Billboard ᠢ ᠲᠡᠷᠢᠭᠦᠯᠡᠭᠰᠡᠨ᠃ ᠮᠣᠩᠭᠣᠯ ᠬᠠᠮᠲᠤᠯᠢᠭ ᠮᠣᠩᠭᠣᠯ ᠬᠡᠯᠡ ᠪᠡᠷ ᠢᠶᠡᠨ ᠳᠠᠭᠤᠯᠠᠵᠤ ᠭᠠᠷᠭᠠᠭᠰᠠᠨ ᠴᠣᠮᠣᠭ Billboard ᠍ ᠢ ᠲᠡᠷᠢᠭᠦᠯᠡᠭᠰᠡᠨ ᠨᠢ ᠠᠩᠬᠠᠨ ᠤ ᠲᠣᠬᠢᠶᠠᠯᠳᠤᠯ ᠪᠣᠯᠤᠭᠰᠠᠨ ᠪᠢᠯᠡ᠃

ᠰᠡᠳᠬᠢᠭᠳᠡᠯ ᠦᠯᠡᠳᠡᠭᠡᠬᠦ