ᠬᠠᠺᠤᠬᠤ᠋ ᠪᠦᠬᠦ ᠶᠠᠫᠣᠨ ᠤ ᠠᠪᠤᠷᠭᠤ ᠪᠣᠯᠵᠠᠢ  | News.MN

 ᠬᠠᠺᠤᠬᠤ᠋ ᠪᠦᠬᠦ ᠶᠠᠫᠣᠨ ᠤ ᠠᠪᠤᠷᠭᠤ ᠪᠣᠯᠵᠠᠢ 

ᠪᠦᠬᠦ ᠶᠠᠫᠣᠨ ᠤ ᠠᠪᠤᠷᠭᠤ ᠰᠢᠯᠭᠠᠷᠠᠭᠤᠯᠬᠤ ᠰᠦᠮᠣ ᠪᠥᠬᠡ ᠶᠢᠨ ᠲᠡᠮᠡᠴᠡᠭᠡᠨ ᠶᠢᠰᠦᠳᠦᠭᠡᠷ ᠰᠠᠷ᠎ᠠ ᠶᠢᠨ 30 ᠍ ᠳᠦ ᠲᠤᠤᠺᠢᠤ᠋ ᠬᠣᠲᠠ ᠶᠢᠨ ᠺᠣᠺᠥᠭᠢᠺᠠᠨ ᠣᠷᠳᠣᠨ ᠳᠤ ᠶᠠᠪᠤᠭᠳᠠᠵᠤ᠂ ᠳᠡᠭᠡᠳᠦ ᠵᠢᠨᠳᠠᠭᠠᠨ ᠳᠤ ᠶᠡᠬᠡ ᠠᠪᠤᠷᠭᠤ ᠬᠠᠺᠤᠬᠤ᠋ ᠲᠦᠷᠦᠭᠦᠯᠡᠯ᠎ᠡ᠃ ᠲᠡᠷᠡ ᠲᠤᠰ ᠲᠡᠮᠡᠴᠡᠭᠡᠨ ᠳᠦ 12 ᠵᠢᠯ ᠦᠨ ᠳᠠᠷᠠᠭ᠎ᠠ ᠬᠤᠶᠠᠳᠠᠬᠢ ᠤᠳᠠᠭ᠎ᠠ ᠪᠠᠨ ᠲᠦᠷᠦᠭᠦᠯᠡᠵᠦ ᠪᠠᠶᠢᠭ᠎ᠠ ᠶᠤᠮ ᠪᠠᠶᠢᠨ᠎ᠠ᠃ ᠶᠡᠬᠡ ᠠᠪᠤᠷᠭᠤ ᠬᠠᠭᠠᠰ ᠰᠢᠭᠰᠢᠭᠡ ᠳᠦ ᠥᠩᠭᠡᠷᠡᠭᠰᠡᠨ ᠨᠠᠮᠤᠷ ᠤᠨ ᠲᠡᠮᠡᠴᠡᠭᠡᠨ ᠦ ᠠᠪᠤᠷᠭᠤ ᠰᠠᠺᠢᠸᠠᠺᠸ ᠮᠢᠲ᠋ᠠᠺᠤᠮᠢᠭ᠌᠂ ᠰᠢᠭᠰᠢᠭᠡ ᠪᠠᠷᠢᠯᠳᠤᠭᠠᠨ ᠳᠤ ᠬᠤᠺᠤᠲ᠋ᠤᠹᠦᠵᠢ ᠶᠢ ᠢᠯᠠᠭᠰᠠᠨ ᠪᠠᠶᠢᠨ᠎ᠠ᠃ ᠪᠠᠷᠠᠭᠤᠨ ᠭᠠᠷ ᠤᠨ ᠬᠤᠷᠤᠭᠤ ᠬᠤᠭᠤᠷᠠᠭᠰᠠᠨ ᠤ ᠤᠯᠠᠮ ᠠᠴᠠ ᠨᠠᠮᠤᠷ ᠤᠨ ᠲᠡᠮᠡᠴᠡᠭᠡᠨ ᠢ ᠳᠠᠭᠤᠰᠬᠠᠵᠤ ᠴᠢᠳᠠᠭ᠎ᠠ ᠦᠭᠡᠢ ᠴᠤ ᠡᠨᠡ ᠤᠳᠠᠭ᠎ᠠ ᠳᠤ ᠲᠠᠪᠤ ᠳᠠᠷᠠᠭᠠᠯᠠᠨ ᠢᠯᠠᠵᠤ ᠲᠦᠷᠦᠭᠦᠯᠡᠵᠡᠢ᠃
ᠰᠢᠨ᠎ᠡ ᠭᠣᠶᠣᠯ ᠤᠨ ᠮᠠᠸᠠᠰᠢ ᠨᠢ ᠴᠢᠨᠣ᠎ᠠ ᠶᠢᠨ ᠵᠢᠷᠤᠭ ᠲᠠᠢ᠂ 2020 ᠣᠨ ᠤ ᠲᠤᠤᠺᠢᠤ᠋ ᠍ ᠶᠢᠨ ᠤᠯᠢᠮᠫᠢᠺ ᠤᠨ ᠲᠡᠮᠳᠡᠭ᠂ ᠶᠠᠫᠣᠨ᠂ ᠮᠣᠩᠭᠣᠯ ᠤᠨ ᠳᠠᠯᠪᠠᠭ᠎ᠠ ᠲᠠᠢ ᠠᠵᠠᠢ᠃

ᠰᠡᠳᠬᠢᠭᠳᠡᠯ ᠦᠯᠡᠳᠡᠭᠡᠬᠦ