ᠪᠠᠭᠠᠪᠠᠭᠠᠢ ᠠᠪᠤ ᠬᠦᠦ ᠬᠣᠶᠠᠷ ᠢ ᠬᠥᠨᠥᠭᠡᠵᠡᠢ  | News.MN

ᠪᠠᠭᠠᠪᠠᠭᠠᠢ ᠠᠪᠤ ᠬᠦᠦ ᠬᠣᠶᠠᠷ ᠢ ᠬᠥᠨᠥᠭᠡᠵᠡᠢ 

ᠰᠡᠯᠡᠩᠭᠡ ᠠᠶᠢᠮᠠᠭ ᠤᠨ ᠢᠷᠦᠭᠡ ᠰᠤᠮᠤ ᠶᠢᠨ ᠨᠤᠲᠤᠭ ᠮᠤᠭᠠᠶᠢᠲᠤ ᠬᠡᠮᠡᠬᠦ ᠭᠠᠵᠠᠷ ᠲᠤ ᠥᠨᠥ ᠥᠷᠯᠥᠭᠡ ᠠᠪᠤ  ᠬᠦᠦ ᠬᠣᠶᠠᠷ ᠪᠠᠭᠠᠪᠠᠭᠠᠢ ᠳᠤ ᠪᠠᠷᠢᠭᠤᠯᠵᠤ ᠠᠮᠢ ᠪᠠᠨ ᠠᠯᠳᠠᠭᠰᠠᠨ ᠬᠠᠷᠠᠮᠰᠠᠯ ᠲᠠᠢ ᠬᠡᠷᠡᠭ ᠭᠠᠷᠴᠠᠢ᠃ ᠠᠯᠪᠠᠨ ᠤ  ᠡᠬᠢ ᠰᠤᠷᠪᠤᠯᠵᠢ ᠶᠢᠨ ᠮᠡᠳᠡᠭᠡᠯᠡᠵᠦ ᠪᠤᠢ ᠪᠠᠷ ᠠᠪᠤ ᠬᠦᠦ ᠬᠣᠶᠠᠷ ᠤᠨ ᠪᠡᠶ᠎ᠡ ᠶᠢᠨ ᠬᠡᠰᠡᠭ ᠢ ᠰᠢᠷᠤᠶᠢᠨ ᠳᠤ ᠪᠤᠯᠠᠭᠰᠠᠨ ᠪᠠᠶᠢᠭᠰᠠᠨ ᠢ ᠣᠯᠵᠠᠢ᠃
ᠬᠡᠷᠡᠭ ᠦᠨ ᠳᠠᠭᠤᠳᠠᠯᠭ᠎ᠠ ᠮᠡᠳᠡᠭᠡᠯᠡᠯ ᠥᠴᠥᠭᠡᠳᠦᠷ ᠦᠷ ᠢᠶᠡᠷ ᠠᠶᠢᠮᠠᠭ ᠤᠨ ᠴᠠᠭᠳᠠᠭ᠎ᠠ ᠶᠢᠨ ᠭᠠᠵᠠᠷ ᠲᠤ ᠢᠷᠡᠭᠰᠡᠨ ᠪᠠ ᠬᠣᠯᠪᠣᠭᠳᠠᠬᠤ ᠪᠠᠶᠢᠭᠤᠯᠤᠯᠭ᠎ᠠ ᠶᠢᠨ ᠬᠢᠨ ᠲᠤᠰ ᠭᠠᠵᠠᠷ ᠠᠵᠢᠯᠯᠠᠵᠤ ᠪᠠᠶᠢᠭ᠎ᠠ ᠶᠤᠮ ᠪᠠᠶᠢᠨ᠎ᠠ᠃
ᠰᠡᠯᠡᠩᠭᠡ ᠠᠶᠢᠮᠠᠭ ᠤᠨ ᠬᠦᠳᠡᠷ᠂ ᠵᠢᠪᠬᠤᠯᠠᠩᠲᠤ᠂ ᠢᠷᠦᠭᠡ᠂ ᠲᠡᠰᠢᠭ ᠵᠡᠷᠭᠡ ᠰᠤᠮᠤᠳ ᠤᠨ ᠪᠠᠶᠢᠭᠠᠯᠢ ᠣᠷᠴᠢᠨ ᠤ ᠪᠠᠶᠢᠴᠠᠭᠠᠭᠴᠢᠳ᠂ ᠵᠠᠰᠠᠭ ᠳᠠᠷᠤᠭ᠎ᠠ᠂ ᠲᠥᠷᠥ ᠶᠢᠨ ᠠᠯᠪᠠ ᠬᠠᠭᠠᠭᠴᠢᠳ 24 ᠴᠠᠭ ᠤᠨ ᠲᠤᠷᠰᠢ ᠡᠷᠭᠢᠭᠦᠯ ᠬᠢᠵᠦ᠂ ᠢᠷᠭᠡᠳ ᠢᠶᠡᠨ ᠬᠠᠮᠠᠭᠠᠯᠠᠬᠤ ᠶᠢᠨ ᠲᠥᠯᠥᠭᠡ ᠠᠵᠢᠯᠯᠠᠵᠤ ᠪᠠᠶᠢᠭ᠎ᠠ ᠠᠵᠠᠢ ᠃

ᠰᠡᠳᠬᠢᠭᠳᠡᠯ ᠦᠯᠡᠳᠡᠭᠡᠬᠦ