ᠭᠣᠯᠣᠮᠲᠠ ᠪᠠᠩᠬᠢ  ︽ᠰᠢᠯᠢᠳᠡᠭ  ᠳ᠋ᠢᠵᠢᠲ᠋ᠠᠯ ᠦᠢᠯᠡᠴᠢᠯᠡᠭᠡ︾ ᠱᠠᠩᠨᠠᠯ  ᠬᠦᠷᠲᠡᠯ᠎ᠡ  | News.MN

ᠭᠣᠯᠣᠮᠲᠠ ᠪᠠᠩᠬᠢ  ︽ᠰᠢᠯᠢᠳᠡᠭ  ᠳ᠋ᠢᠵᠢᠲ᠋ᠠᠯ ᠦᠢᠯᠡᠴᠢᠯᠡᠭᠡ︾ ᠱᠠᠩᠨᠠᠯ  ᠬᠦᠷᠲᠡᠯ᠎ᠡ 

ᠮᠡᠳᠡᠭᠡᠯᠡᠯ ᠲᠧᠭᠨᠣᠯᠣᠭᠢ ᠶᠢᠨ ᠰᠠᠯᠪᠤᠷᠢ ᠳᠤ ᠭᠠᠷᠴᠤ ᠪᠤᠢ ᠳᠡᠪᠰᠢᠯ᠂ ᠲᠥᠷᠥ ᠶᠢᠨ ᠪᠣᠯᠤᠨ ᠬᠤᠪᠢ ᠶᠢᠨ ᠬᠡᠪᠰᠢᠯ ᠦᠨ ᠺᠣᠮᠫᠠᠨᠢ ᠨᠤᠭᠤᠳ ᠤᠨ ᠪᠦᠲᠦᠭᠡᠭᠳᠡᠬᠦᠨ᠂ ᠦᠢᠯᠡᠴᠢᠯᠡᠭᠡ ᠶᠢ ᠣᠯᠠᠨ ᠨᠡᠶᠢᠲᠡ ᠳᠦ ᠲᠠᠨᠢᠯᠴᠠᠭᠤᠯᠬᠤ ᠵᠣᠷᠢᠯᠭ᠎ᠠ ᠲᠠᠢ ICT Expo 2019 ᠦᠵᠡᠰᠬᠦᠯᠡᠩ ᠥᠩᠭᠡᠷᠡᠭᠴᠢ ᠡᠳᠦᠷ ᠦᠳ ᠲᠦ ᠮᠢᠰᠢᠶᠡᠯ ᠡᠺᠰᠫᠣ ᠲᠥᠪ ᠲᠦ ᠵᠣᠬᠢᠶᠠᠨ ᠪᠠᠶᠢᠭᠤᠯᠤᠭᠳᠠᠯ᠎ᠠ᠃ ICT Expo ᠨᠢ ᠣᠯᠠᠨ ᠨᠡᠶᠢᠲᠡ ᠳᠦ ᠬᠠᠷᠢᠯᠴᠠᠭ᠎ᠠ ᠬᠣᠯᠪᠣᠭ᠎ᠠ᠂ ᠮᠡᠳᠡᠭᠡᠯᠡᠯ ᠦᠨ ᠲᠧᠭᠨᠣᠯᠣᠭᠢ ᠶᠢᠨ ᠬᠠᠮᠤᠭ ᠤᠨ ᠰᠡᠭᠦᠯ ᠦᠨ ᠦᠶ᠎ᠡ ᠶᠢᠨ ᠳᠡᠪᠰᠢᠯᠲᠡᠲᠦ ᠲᠧᠭᠨᠣᠯᠣᠭᠢ᠂ ᠣᠯᠤᠯᠲᠠ ᠠᠮᠵᠢᠯᠲᠠ ᠶᠢ ᠪᠤᠳᠠᠲᠠᠢ ᠪᠠᠷ ᠲᠠᠨᠢᠭᠤᠯᠤᠨ ᠰᠤᠷᠲᠠᠯᠴᠢᠯᠠᠵᠤ᠂ ᠳᠣᠲᠣᠭᠠᠳᠤ ᠭᠠᠳᠠᠭᠠᠳᠤ ᠶᠢᠨ ᠬᠥᠷᠥᠩᠭᠡ ᠣᠷᠣᠭᠤᠯᠤᠭᠴᠢᠳ᠂ ᠢᠷᠭᠡᠳ᠂ ᠠᠵᠤ ᠠᠬᠤᠢ ᠨᠢᠭᠡᠴᠡ ᠨᠦᠭᠦᠳ᠂ ᠭᠠᠷᠤᠭᠠᠨ ᠤ ᠺᠣᠮᠫᠠᠨᠢ ᠨᠤᠭᠤᠳ᠂ ᠬᠡᠷᠡᠭᠯᠡᠭᠴᠢ᠂ ᠦᠢᠯᠡᠴᠢᠯᠡᠭᠦᠯᠦᠭᠴᠢᠳ ᠢ ᠨᠢᠭᠡ ᠳᠣᠣᠷ᠎ᠠ ᠠᠭᠤᠯᠵᠠᠭᠤᠯᠳᠠᠭ ᠢᠶᠠᠷ ᠢᠶᠠᠨ ᠣᠨᠴᠠᠯᠢᠭ ᠲᠠᠢ᠃

ᠭᠣᠯᠣᠮᠲᠠ ᠪᠠᠩᠬᠢ ᠨᠢ ᠰᠡᠭᠦᠯ ᠦᠨ ᠬᠣᠶᠠᠷ ᠵᠢᠯ ᠳᠠᠷᠠᠭᠠᠯᠠᠨ ᠤᠭ ᠦᠵᠡᠰᠬᠦᠯᠡᠩ ᠳᠦ ᠣᠷᠣᠯᠴᠠᠵᠤ ᠪᠠᠶᠢᠭ᠎ᠠ ᠪᠠ ᠡᠨᠡ ᠤᠳᠠᠭ᠎ᠠ ᠳᠤ  ᠳ᠋ᠢᠵᠢᠲ᠋ᠠᠯ ᠪᠠᠩᠬᠢ ᠪᠣᠯᠤᠨ ᠳ᠋ᠢᠵᠢᠲ᠋ᠠᠯ ᠬᠡᠲᠡᠪᠴᠢ᠂ NFC ᠺᠠᠷᠲ ᠵᠡᠷᠭᠡ ᠪᠦᠲᠦᠭᠡᠭᠳᠡᠬᠦᠨ   ᠦᠢᠯᠡᠴᠢᠯᠡᠭᠡ ᠪᠡᠷ ᠢᠶᠡᠨ ᠣᠷᠣᠯᠴᠠᠵᠤ ᠢᠷᠭᠡᠳ᠂ ᠬᠠᠷᠢᠯᠴᠠᠭᠴᠢᠳ ᠲᠤ ᠰᠢᠨᠡᠴᠢᠯᠡᠭᠳᠡᠭᠰᠡᠨ ᠳ᠋ᠢᠵᠢᠲ᠋ᠠᠯ ᠦᠢᠯᠡᠴᠢᠯᠡᠭᠡᠨ ᠨᠦᠭᠦᠳ ᠢᠶᠡᠨ ᠲᠠᠨᠢᠯᠴᠠᠭᠤᠯᠤᠭᠰᠠᠨ᠃ ᠦᠵᠡᠰᠬᠦᠯᠡᠩ ᠳᠦ ᠣᠷᠣᠯᠴᠠᠭᠴᠢᠳ ᠢ 12 ᠨᠤᠮᠢᠨᠠᠼ ᠢᠶᠠᠷ ᠰᠢᠯᠭᠠᠷᠠᠭᠤᠯᠤᠭᠰᠠᠨ ᠪᠥᠭᠡᠳ ᠭᠣᠯᠣᠮᠲᠠ ᠪᠠᠩᠬᠢ ᠶᠢ ICT Expo 2019 ᠍ ᠶᠢᠨ  ︽ᠰᠢᠯᠢᠳᠡᠭ  ᠳ᠋ᠢᠵᠢᠲ᠋ᠠᠯ ᠦᠢᠯᠡᠴᠢᠯᠡᠭᠡ ︾  ᠨᠤᠮᠢᠨᠠᠼ ᠤᠨ ᠡᠵᠡᠨ ᠢᠶᠡᠷ ᠲᠣᠳᠣᠷᠠᠭᠤᠯᠵᠤ ᠱᠠᠩᠨᠠᠯ ᠭᠠᠷᠳᠠᠭᠤᠯᠤᠭᠰᠠᠨ ᠶᠤᠮ᠃

ᠰᠡᠳᠬᠢᠭᠳᠡᠯ ᠦᠯᠡᠳᠡᠭᠡᠬᠦ