ᠮᠣᠩᠭᠣᠯ ᠤᠯᠤᠰ ᠤᠨ ᠭᠠᠪᠢᠶᠠᠲᠤ ᠲᠠᠮᠢᠷᠴᠢᠨ ᠼ∙ᠰᠢᠷᠠᠪᠵᠠᠮᠰᠤ ᠶᠢᠨ ᠪᠠᠭ᠎ᠠ ᠬᠦᠦ ᠱ∙ᠡᠩᠬᠡᠠᠤᠳᠤ ᠠᠮᠧᠷᠢᠺᠠ ᠶᠢᠨ ᠵᠡᠭᠦᠨ ᠸᠠᠰᠢᠩᠲ᠋ᠣᠨ ᠤ ᠶᠡᠬᠡ ᠰᠤᠷᠭᠠᠭᠤᠯᠢ ᠳᠤ ᠰᠤᠷᠤᠯᠴᠠᠬᠤ ᠠᠯᠪᠠᠨ ᠶᠣᠰᠣᠨ ᠤ ᠰᠠᠨᠠᠯ ᠬᠦᠯᠢᠶᠡᠨ ᠠᠪᠴᠠᠢ᠃ ᠡᠨᠡ ᠲᠠᠯ᠎ᠠ ᠪᠠᠷ ᠲᠡᠭᠦᠨ ᠦ ᠠᠪᠤ ᠨᠢᠭᠤᠷ ᠤᠨ ᠨᠤᠮ ᠳᠤ ᠪᠡᠨ᠄ ᠢᠷᠡᠬᠦ ᠳᠣᠯᠣᠭ᠎ᠠ ᠬᠣᠨᠣᠭ ᠲᠤ ᠠᠮᠧᠷᠢᠺᠠ ᠶᠢᠨ Eastern Washington University ᠰᠤᠷᠤᠯᠴᠠᠬᠤ ᠡᠩᠬᠦᠯᠡᠢ ᠶᠢᠨ ᠠᠩᠬᠠᠨ ᠤ ᠠᠯᠪᠠᠨ ᠶᠣᠰᠣᠨ ᠤ ᠰᠠᠨᠠᠯ ᠢᠷᠡᠬᠦ ᠨᠢ ᠡ᠃ ᠡᠨᠡ ᠰᠤᠷᠭᠠᠭᠤᠯᠢ ᠳᠤ ᠪᠢ 1998 ᠣᠨ ᠳᠤ ᠰᠤᠷᠤᠯᠴᠠᠩᠭᠠᠨ ᠠᠯᠳᠠᠭᠠᠳ ᠪᠣᠯᠢᠭᠰᠠᠨ ᠶᠤᠮ ᠃ ︽ᠠᠵᠢᠷᠭᠠᠨ ᠤ ᠬᠦᠷᠦᠭᠡ ᠦᠭᠡᠢ ᠳᠦ ᠤᠨᠠᠭ᠎ᠠ ᠬᠦᠷᠳᠡᠭ᠃ ᠠᠪᠤ ᠶᠢᠨ ᠴᠢᠳᠠᠭ᠎ᠠ ᠦᠭᠡᠢ ᠶᠢ ᠬᠦᠦ ᠨᠢ ᠭᠦᠢᠴᠡᠭᠡᠳᠡᠭ︾ ᠭᠡᠳᠡᠭ᠃ Baylor University ᠪᠣᠯᠤᠨ Ohio State University ᠭᠡᠰᠡᠨ ᠬᠣᠶᠠᠷ ᠴᠤ ᠶᠡᠬᠡ ᠰᠤᠷᠭᠠᠭᠤᠯᠢ ᠠᠴᠠ ᠰᠣᠨᠢᠷᠬᠠᠵᠤ ᠪᠠᠶᠢᠭ᠎ᠠ᠃ ᠴᠢᠨᠠᠭᠰᠢᠳᠠ ᠥᠭᠡᠷ᠎ᠡ ᠶᠡᠬᠡ ᠰᠤᠷᠭᠠᠭᠤᠯᠢ ᠨᠤᠭᠤᠳ ᠠᠴᠠ ᠰᠠᠨᠠᠯ ᠢᠷᠡᠨ᠎ᠡ ᠭᠡᠳᠡᠭ ᠲᠦ ᠢᠲᠡᠭᠡᠯ ᠲᠡᠢ ᠪᠠᠶᠢᠨ᠎ᠠ᠃ ᠮᠢᠨᠦ ᠬᠦᠦ ᠮᠤᠨᠳᠠᠭ ᠰᠢᠦ᠃ ᠵᠢᠳᠬᠦᠭᠡᠳ ᠯᠠ ᠪᠠᠶᠢᠭᠠᠷᠠᠢ ᠭᠡᠵᠡᠢ᠃