ᠳ∙ᠳᠣᠯᠭᠢᠶᠠᠨ ︽ᠬᠦᠮᠦᠯᠢᠭ ᠦᠨ ᠡᠯᠴᠢ︾ ᠪᠣᠯᠵᠠᠢ  | News.MN

ᠳ∙ᠳᠣᠯᠭᠢᠶᠠᠨ ︽ᠬᠦᠮᠦᠯᠢᠭ ᠦᠨ ᠡᠯᠴᠢ︾ ᠪᠣᠯᠵᠠᠢ 

ᠳᠡᠯᠡᠬᠡᠢ ᠳᠦ ᠴᠢᠨᠰᠠᠭ᠎ᠠ ᠪᠠᠷ ᠢᠶᠠᠨ ᠲᠡᠷᠢᠭᠦᠯᠡᠳᠡᠭ᠂ 66 ᠵᠢᠯ ᠦᠨ ᠲᠡᠦᠬᠡ ᠲᠡᠢ Miss Universe ᠲᠡᠮᠡᠴᠡᠭᠡᠨ ᠦ ᠠᠩᠬᠠᠨ ᠤ ᠮᠣᠩᠭᠣᠯ ᠮᠢᠰᠰ ᠪᠣᠯ ᠳ∙ᠳᠣᠯᠭᠢᠶᠠᠨ᠃ ᠲᠡᠷᠡᠪᠡᠷ ᠶᠢᠰᠦᠳᠦᠭᠡᠷ ᠰᠠᠷ᠎ᠠ ᠶᠢᠨ 23 ᠍ ᠳᠦ  ︽ᠬᠦᠮᠦᠯᠢᠭ ᠦᠨ ᠡᠯᠴᠢ-99︾ ᠠᠷᠭ᠎ᠠ ᠬᠡᠮᠵᠢᠶᠡᠨ ᠳᠦ ᠣᠷᠣᠯᠴᠠᠵᠤ᠂ ︽ᠬᠦᠮᠦᠯᠢᠭ ᠦᠨ ᠡᠯᠴᠢ︾ ᠬᠦᠨᠳᠦᠲᠦ ᠡᠷᠭᠦᠮᠵᠢᠯᠡᠯ ᠬᠦᠷᠲᠡᠵᠡᠢ᠃
ᠮᠢᠰᠰ ᠪᠦᠰᠡᠭᠦᠢ ᠨᠢᠭᠤᠷ ᠨᠤᠮ ᠳᠤ ᠪᠠᠨ᠄ ︽ᠬᠦᠮᠦᠯᠢᠭ ᠦᠨ ᠡᠯᠴᠢ-99︾ ᠠᠷᠭ᠎ᠠ ᠬᠡᠮᠵᠢᠶᠡᠨ ᠳᠦ ᠣᠷᠣᠯᠴᠠᠨ  ︽ᠬᠦᠮᠨᠯᠢᠭ ᠦᠨ ᠡᠯᠴᠢ︾ ᠬᠦᠨᠳᠦᠲᠦ ᠡᠷᠭᠦᠮᠵᠢᠯᠡᠯ ᠬᠦᠷᠲᠡᠯ᠎ᠡ᠃ ᠮᠤᠨᠳᠠᠭ ᠠᠬ᠎ᠠ ᠡᠭᠡᠴᠢ ᠨᠠᠷ ᠠᠴᠠ ᠶᠡᠬᠡ ᠶᠢ ᠰᠤᠷᠴᠤ᠂ ᠴᠢᠨᠠᠭᠰᠢᠳᠠ ᠪᠠᠨ ᠨᠡᠶᠢᠭᠡᠮ ᠳᠦ ᠴᠢᠭᠯᠡᠭᠰᠡᠨ ᠰᠠᠶᠢᠨ ᠦᠢᠯᠡᠰ ᠲᠦ ᠰᠡᠳᠬᠢᠯ ᠵᠢᠷᠦᠬᠡ ᠪᠡᠷ ᠢᠶᠡᠨ ᠥᠪᠡᠷ ᠦᠨ ᠴᠢᠳᠠᠯ ᠢᠶᠠᠷ ᠢᠶᠠᠨ ᠬᠤᠪᠢ ᠨᠡᠮᠡᠷᠢ ᠪᠡᠨ ᠤᠷᠤᠭᠤᠯᠬᠤ ᠪᠣᠯᠤᠨ᠎ᠠ ᠃ ︽ᠬᠦᠮᠦᠯᠢᠭ ᠦᠨ ᠡᠯᠴᠢ︾ ᠠᠬ᠎ᠠ ᠡᠭᠡᠴᠢ ᠨᠠᠷ ᠮᠠᠨᠢ ᠶᠠᠮᠠᠷ ᠶᠡᠬᠡ ᠰᠠᠶᠢᠨ ᠦᠢᠯᠡᠰ ᠢ ᠪᠦᠲᠦᠭᠡᠵᠦ᠂ ᠲᠤᠰᠠᠯᠠᠵᠤ᠂ ᠳᠡᠮᠵᠢᠵᠦ᠂ ᠣᠯᠠᠨ ᠬᠡᠦᠬᠡᠳ᠂ ᠡᠮᠡᠭᠲᠡᠶᠢᠴᠦᠳ᠂ ᠨᠡᠩ ᠶᠠᠳᠠᠭᠤ᠂ ᠬᠥᠭᠵᠢᠯ ᠦᠨ ᠪᠡᠷᠬᠡᠰᠢᠶᠡᠯ ᠲᠡᠢ᠂ ᠠᠷᠢᠬᠢ ᠮᠠᠩᠰᠢᠭᠤᠷᠠᠭᠤᠯᠬᠤ ᠪᠣᠳᠠᠰ ᠠᠴᠠ ᠬᠠᠮᠢᠶᠠᠷᠤᠯ ᠲᠠᠢ᠂ ᠬᠤᠷᠢᠬᠤ ᠬᠦᠮᠦᠵᠢᠭᠦᠯᠬᠦ ᠠᠩᠭᠢ ᠵᠡᠷᠭᠡ ᠣᠯᠠᠨ ᠬᠦᠴᠦᠨ ᠵᠦᠢᠯᠡᠰ ᠡᠴᠡ ᠡᠭᠦᠳᠦᠯᠲᠡᠢ ᠠᠰᠠᠭᠤᠳᠠᠯ ᠤᠳ ᠲᠤ ᠬᠦᠷᠴᠦ᠂ ᠨᠡᠶᠢᠭᠡᠮ ᠤᠨ ᠬᠠᠷᠢᠭᠤᠴᠠᠯᠭ᠎ᠠ ᠲᠠᠢ ᠪᠠᠷ ᠠᠵᠢᠯᠯᠠᠵᠤ ᠪᠠᠶᠢᠭ᠎ᠠ ᠨᠢ ᠦᠨᠡᠬᠡᠷ ᠭᠠᠶᠢᠬᠠᠯᠲᠠᠢ ᠶᠤᠮ ᠭᠡᠵᠡᠢ᠃ ᠮᠢᠰᠰ ᠪᠦᠰᠡᠭᠦᠢ ᠠᠩᠭᠯᠢ᠂ ᠬᠢᠲᠠᠳ᠂ ᠶᠠᠫᠣᠨ ᠬᠡᠯᠡ ᠲᠡᠢ᠂ ᠬᠦᠮᠦᠯᠢᠭ ᠦᠨ ᠤᠬᠠᠭᠠᠨ ᠤ ᠶᠡᠬᠡ ᠰᠤᠷᠭᠠᠭᠤᠯᠢ ᠶᠢ ᠮᠠᠷᠺᠧᠲ᠋ᠢᠩ᠂ ᠬᠦᠮᠦᠨ ᠦ ᠨᠥᠭᠡᠴᠡ ᠶᠢᠨ ᠮᠧᠨᠧᠵᠮᠧᠨᠲ᠂ ᠪᠠᠶᠢᠭᠠᠯᠢ ᠡᠺᠣᠯᠣᠭᠢ ᠬᠠᠮᠠᠭᠠᠯᠠᠯ ᠮᠡᠷᠭᠡᠵᠢᠯ ᠢᠶᠡᠷ ᠲᠡᠭᠦᠰᠦᠭᠰᠡᠨ ᠨᠢᠭᠡᠨ ᠠᠵᠠᠢ ᠃

ᠰᠡᠳᠬᠢᠭᠳᠡᠯ ᠦᠯᠡᠳᠡᠭᠡᠬᠦ