ᠳ∙ᠠᠮᠤᠷᠪᠠᠶᠠᠰᠬᠤᠯᠠᠩ᠄ ᠤᠯᠤᠰ ᠤᠨ ᠶᠡᠬᠡ ᠬᠤᠷᠠᠯ ᠢ ᠲᠠᠷᠠᠭᠠᠬᠤ ᠠᠰᠠᠭᠤᠳᠠᠯ ᠢ ᠳᠠᠬᠢᠨ ᠶᠠᠷᠢᠬᠤ ᠦᠭᠡᠢ  | News.MN

ᠳ∙ᠠᠮᠤᠷᠪᠠᠶᠠᠰᠬᠤᠯᠠᠩ᠄ ᠤᠯᠤᠰ ᠤᠨ ᠶᠡᠬᠡ ᠬᠤᠷᠠᠯ ᠢ ᠲᠠᠷᠠᠭᠠᠬᠤ ᠠᠰᠠᠭᠤᠳᠠᠯ ᠢ ᠳᠠᠬᠢᠨ ᠶᠠᠷᠢᠬᠤ ᠦᠭᠡᠢ 

ᠮᠤᠩᠭᠤᠯ ᠠᠷᠠᠳ ᠤᠨ ᠨᠠᠮ᠍ ᠤᠨ ᠪᠦᠯᠦᠭ ᠦᠨ ᠥᠨᠥᠳᠥᠷ ᠦᠨ ᠬᠤᠷᠠᠯᠳᠤᠭᠠᠨ ᠳᠤ ᠮᠤᠩᠭᠤᠯ ᠠᠷᠠᠳ ᠤᠨ ᠨᠠᠮ  ᠤᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠳ∙ᠠᠮᠤᠷᠪᠠᠶᠠᠰᠬᠤᠯᠠᠩ ᠣᠷᠣᠯᠴᠠᠭᠰᠠᠨ ᠶᠤᠮ᠃ ᠡᠨᠡ ᠦᠶ᠎ᠡ ᠪᠡᠷ ᠲᠡᠭᠦᠨ ᠡᠴᠡ ᠵᠠᠷᠢᠮ ᠵᠦᠢᠯ ᠢ ᠲᠣᠳᠣᠷᠠᠭᠤᠯᠤᠯ᠎ᠠ᠃
-ᠤᠯᠤᠰ ᠤᠨ ᠶᠡᠬᠡ ᠬᠤᠷᠠᠯ ᠢ ᠲᠠᠷᠠᠭᠠᠵᠤ᠂ ᠡᠭᠡᠯᠵᠢᠲᠦ ᠪᠤᠰᠤ ᠰᠣᠩᠭᠣᠭᠤᠯᠢ ᠶᠠᠪᠤᠭᠤᠯᠬᠤ ᠰᠠᠨᠠᠯ ᠢ ᠲᠠ ᠭᠠᠷᠭᠠᠵᠤ ᠭᠡᠰᠢᠭᠦᠳ ᠦᠨ ᠭᠠᠷ ᠤᠨ ᠦᠰᠦᠭ ᠢ ᠴᠤᠭᠯᠠᠭᠤᠯᠤᠭᠰᠠᠨ ᠭᠡᠬᠦ ᠮᠡᠳᠡᠭᠡᠯᠡᠯ ᠪᠤᠢ᠃ ᠡᠨᠡ ᠲᠠᠯ᠎ᠠ ᠪᠠᠷ ᠪᠦᠯᠦᠭ ᠡᠴᠡ ᠶᠠᠮᠠᠷ ᠰᠢᠢᠳᠪᠦᠷᠢ ᠭᠠᠷᠪᠠ ︖
-ᠤᠯᠤᠰ ᠤᠨ ᠶᠡᠬᠡ ᠬᠤᠷᠠᠯ ᠤᠨ ᠨᠡᠷ᠎ᠡ ᠪᠦᠬᠦᠢ ᠭᠡᠰᠢᠭᠦᠳ ᠡᠴᠡ ᠤᠯᠤᠰ ᠤᠨ ᠶᠡᠬᠡ ᠬᠤᠷᠠᠯ ᠢ ᠲᠠᠷᠠᠭᠠᠬᠤ ᠰᠠᠨᠠᠯ ᠭᠠᠷᠤᠭᠰᠠᠨ᠃ ᠨᠡᠷ᠎ᠡ ᠤᠰᠤ ᠶᠢ ᠨᠢ ᠬᠡᠯᠡᠭᠡᠳ ᠶᠠᠭᠠᠬᠢᠬᠤᠪ᠂ ᠤᠯᠤᠰ ᠤᠨ ᠶᠡᠬᠡ ᠬᠤᠷᠠᠯ ᠤᠨ ᠭᠡᠰᠢᠭᠦᠳ ᠡᠴᠡ ᠭᠠᠷᠭᠠᠭᠰᠠᠨ ᠰᠠᠨᠠᠯ ᠢ ᠪᠢᠳᠡ ᠠᠪᠴᠤ ᠬᠡᠯᠡᠯᠴᠡᠬᠦ ᠦᠭᠡᠢ ᠪᠠᠶᠢᠵᠤ ᠪᠣᠯᠬᠤ ᠦᠭᠡᠢ᠃ ᠬᠡᠷᠪᠡ ᠤᠯᠤᠰ ᠤᠨ ᠶᠡᠬᠡ ᠬᠤᠷᠠᠯ ᠤᠨ 51 ᠭᠡᠰᠢᠭᠦᠨ ᠫᠠᠷᠠᠯᠮᠧᠨᠲ ᠢ ᠲᠠᠷᠠᠬᠤ ᠶᠢ ᠳᠡᠮᠵᠢᠭᠰᠡᠨ ᠲᠣᠬᠢᠶᠠᠯᠳᠤᠯ ᠳᠤ ᠲᠠᠲᠠᠪᠤᠷᠢ ᠲᠥᠯᠦᠭᠴᠢᠳ ᠦᠨ ᠮᠥᠩᠭᠥ ᠶᠢ ᠬᠡᠮᠨᠡᠬᠦ ᠡᠭᠦᠳᠡᠨ ᠡᠴᠡ 2020 ᠣᠨ ᠤ ᠵᠢᠷᠭᠤᠳᠤᠭᠠᠷ ᠰᠠᠷ᠎ᠠ ᠳᠤ ᠪᠣᠯᠬᠤ ᠰᠣᠩᠭᠣᠭᠤᠯᠢ ᠶᠢ ᠠᠷᠪᠠᠨ ᠨᠢᠭᠡᠳᠦᠭᠡᠷ ᠰᠠᠷ᠎ᠠ ᠳᠤ ᠪᠣᠯᠬᠤ ᠠᠷᠠᠳ ᠨᠡᠶᠢᠲᠡ ᠶᠢᠨ ᠰᠠᠨᠠᠯ ᠠᠰᠠᠭᠤᠯᠭ᠎ᠠ ᠲᠠᠢ ᠬᠠᠮᠲᠤᠳᠬᠠᠨ ᠶᠠᠭᠠᠬᠢᠭᠠᠳ ᠶᠠᠪᠤᠭᠤᠯᠵᠤ ᠪᠣᠯᠬᠤ ᠦᠭᠡᠢ ᠭᠡᠵᠦ᠃ ᠨᠠᠮ ᠤᠨ ᠤᠳᠤᠷᠢᠳᠬᠤ ᠵᠥᠪᠯᠡᠯ ᠡᠨᠡ ᠠᠰᠠᠭᠤᠳᠠᠯ ᠢᠶᠠᠷ ᠤᠯᠤᠰ ᠤᠨ ᠶᠡᠬᠡ ᠬᠤᠷᠠᠯ ᠤᠨ ᠭᠡᠰᠢᠭᠦᠳ ᠦᠨ ᠪᠠᠶᠢᠷᠢ ᠰᠠᠭᠤᠷᠢ ᠶᠢ ᠰᠤᠨᠤᠰᠬᠤ ᠡᠭᠦᠳᠡᠨ ᠡᠴᠡ ᠠᠰᠠᠭᠤᠳᠠᠯ ᠳᠤ ᠬᠠᠨᠳᠤᠭᠰᠠᠨ᠃ ᠬᠠᠤᠯᠢ ᠶᠢᠨ ᠢᠶᠠᠨ ᠳᠠᠭᠠᠤ 51 ᠭᠡᠰᠢᠭᠦᠨ ᠦ ᠭᠠᠷ ᠤᠨ ᠦᠰᠦᠭ ᠪᠥᠷᠢᠳᠬᠦ ᠪᠣᠯᠤᠮᠵᠢ᠂ ᠪᠣᠯᠤᠯᠴᠠᠭ᠎ᠠ ᠬᠣᠮᠰᠠ ᠪᠠᠶᠢᠭᠰᠠᠨ᠃ ᠲᠡᠶᠢᠮᠦ ᠤᠴᠢᠷ ᠠᠴᠠ ᠠᠰᠠᠭᠤᠳᠠᠯ ᠢ ᠥᠷᠭᠡᠨ ᠬᠦᠷᠢᠶᠡᠨ ᠳᠦ ᠶᠠᠷᠢᠶ᠎ᠠ ᠦᠭᠡᠢ᠃ ᠠᠩᠬᠠᠨ ᠱᠠᠲᠤᠨ ᠳᠤ ᠰᠠᠨᠠᠯ ᠢ ᠨᠢ ᠰᠣᠨᠣᠰᠤᠭᠰᠠᠨ᠃ ᠲᠣᠳᠣᠷᠬᠠᠢ ᠬᠦᠷᠢᠶᠡᠨ ᠳᠦ ᠰᠠᠨᠠᠯ ᠰᠣᠯᠢᠯᠴᠠᠯ᠎ᠠ᠃ ᠡᠨᠡ ᠠᠰᠠᠭᠤᠳᠠᠯ ᠳᠠᠬᠢᠨ ᠶᠠᠷᠢᠭᠳᠠᠬᠤ ᠦᠭᠡᠢ ᠭᠡᠵᠦ ᠣᠶᠢᠯᠠᠭᠠᠵᠤ ᠪᠣᠯᠤᠨ᠎ᠠ᠃
– ᠲᠠᠨ ᠤ ᠭᠠᠷ ᠤᠨ ᠦᠰᠦᠭ ᠲᠡᠢ ᠪᠡᠷ ᠮᠥᠨ ᠵᠠᠮ ᠲᠡᠭᠡᠭᠡᠪᠦᠷᠢ ᠶᠢᠨ ᠬᠥᠭᠵᠢᠯ ᠦᠨ ᠰᠠᠶᠢᠳ ᠠᠰᠠᠨ ᠳ ∙ ᠭᠠᠩᠪᠠᠲᠤ ᠶᠢᠨ ᠲᠤᠰᠢᠶᠠᠯ ᠢᠶᠠᠷ 2016 ᠣᠨ ᠤ ᠰᠣᠩᠭᠣᠭᠤᠯᠢ ᠶᠢᠨ ᠳᠠᠷᠠᠭᠠᠬᠠᠨ ᠨ∙ᠡᠩᠬᠡᠪᠠᠭᠠᠲᠤᠷ ᠢ ᠮᠣᠩᠭᠣᠯ ᠤᠨ ᠢᠷᠭᠡᠨ ᠦ ᠠᠭᠠᠷ ᠤᠨ ᠲᠡᠭᠡᠭᠡᠪᠦᠷᠢ ᠲᠥᠷᠥ ᠶᠢᠨ ᠥᠮᠴᠢ ᠶᠢᠨ ᠬᠤᠪᠢᠴᠠᠭᠠᠲᠤ ᠺᠣᠮᠫᠠᠨᠢ

ᠶᠢᠨ ᠳᠡᠳ᠋ ᠵᠠᠬᠢᠷᠤᠯ ᠢᠶᠠᠷ ᠲᠣᠮᠢᠯᠠᠭᠰᠠᠨ ᠠᠯᠪᠠᠨ ᠪᠢᠴᠢᠭ ᠰᠠᠶ᠋ᠢᠬᠠᠨ ᠨᠡᠶᠢᠲᠡ ᠳᠦ ᠢᠯᠡ ᠭᠠᠷᠤᠭᠰᠠᠨ᠃ ᠡᠨᠡ ᠮᠡᠲᠦ ᠨᠠᠮ ᠤᠨ ᠳᠡᠮᠵᠢᠯᠭᠡ ᠲᠡᠢ ᠪᠡᠷ ᠬᠡᠴᠢᠨᠡᠨ ᠬᠦᠮᠦᠨ ᠠᠯᠪᠠᠨ ᠲᠤᠰᠢᠶᠠᠯ ᠳᠤ ᠲᠣᠮᠢᠯᠠᠭᠳᠠᠭᠰᠠᠨ ᠪᠤᠢ ︖
– ᠰᠣᠩᠭᠣᠭᠤᠯᠢ ᠶᠢᠨ ᠳᠠᠷᠠᠭ᠎ᠠ ᠤᠯᠤᠰ ᠤᠨ ᠶᠡᠬᠡ ᠬᠤᠷᠠᠯ ᠤᠨ ᠭᠡᠰᠢᠭᠦᠳ ᠥᠪᠡᠷᠰᠡᠳ ᠦᠨ ᠲᠣᠭᠣᠷᠢᠭ ᠲᠤ ᠠᠵᠢᠯᠯᠠᠭᠰᠠᠨ ᠲᠥᠷᠥ᠂ ᠨᠠᠮ ᠤᠨ ᠠᠵᠢᠯ ᠤᠨ ᠳᠠᠳᠤᠯᠭ᠎ᠠ ᠲᠤᠷᠰᠢᠯᠭ᠎ᠠ ᠲᠠᠢ ᠬᠦᠮᠦᠰ ᠢ ᠰᠠᠨᠠᠯ ᠪᠣᠯᠭᠠᠳᠠᠭ᠃ ᠡᠨᠡ ᠡᠭᠦᠳᠡᠨ ᠡᠴᠡ ᠭᠠᠭᠴᠠ ᠨᠢᠭᠡ ᠪᠢᠴᠢᠭ ᠡᠶᠢᠰᠢ ᠲᠡᠰᠢ ᠪᠡᠨ ᠶᠠᠪᠤᠵᠤ ᠪᠠᠶᠢᠭᠰᠠᠨ᠃ ᠲᠡᠭᠦᠨ ᠦ ᠯᠠ ᠨᠢᠭᠡ ᠠᠰᠠᠭᠤᠳᠠᠯ᠃ ᠤᠯᠤᠰ ᠤᠨ ᠶᠡᠬᠡ ᠬᠤᠷᠠᠯ ᠤᠨ ᠭᠡᠰᠢᠭᠦᠳ ᠡᠴᠡ ᠳᠡᠮᠵᠢᠯᠭᠡ ᠬᠦᠰᠡᠭᠰᠡᠨ ᠪᠢᠴᠢᠭ ᠢᠷᠡᠳᠡᠭ ᠢ ᠪᠢ ᠤᠯᠠᠮᠵᠢᠯᠠᠵᠤ ᠥᠭᠬᠦ ᠡᠭᠦᠷᠭᠡ ᠲᠡᠢ᠃ ᠨᠠᠮ ᠤᠨ ᠳᠦᠷᠢᠮ ᠢᠶᠡᠷ ᠪᠣᠯᠪᠠᠰᠤᠨ ᠬᠦᠴᠦᠨ ᠦ ᠪᠣᠳᠣᠯᠭ᠎ᠠ ᠶᠢ ᠤᠳᠤᠷᠢᠳᠬᠤ ᠵᠥᠪᠯᠡᠯ ᠰᠢᠢᠳᠪᠦᠷᠢᠯᠡᠳᠡᠭ᠃ ᠫᠠᠷᠯᠠᠮᠸᠨᠲ ᠤᠨ ᠤᠯᠤᠰ ᠣᠷᠣᠨ ᠤ ᠣᠨᠴᠠᠯᠢᠭ ᠡᠶᠢᠮᠦ ᠯᠠ ᠲᠣᠭᠲᠠᠯᠴᠠᠭ᠎ᠠ ᠪᠠᠷ ᠶᠠᠪᠤᠳᠠᠭ᠃ ᠲᠡᠭᠦᠨ ᠡᠴᠡ ᠬᠡᠨ ᠨᠢᠭᠡᠨ ᠳᠠᠷᠤᠭ᠎ᠠ ᠠᠯᠪᠠᠨ ᠲᠤᠰᠢᠶᠠᠯ ᠳᠤ ᠣᠴᠢᠩᠭᠤᠲᠠ ᠪᠠᠨ ᠥᠪᠡᠷ ᠦᠨ ᠳᠤᠷ᠎ᠠ ᠪᠠᠷ᠂ ᠦᠵᠡᠮᠵᠢ ᠪᠡᠷ ᠲᠣᠮᠢᠯᠠᠭ᠎ᠠ ᠬᠢᠬᠦ᠂ ᠲᠤᠰ ᠪᠠᠶᠢᠭᠤᠯᠤᠯᠭ᠎ᠠ ᠶᠢ ᠲᠣᠭᠲᠠᠪᠤᠷᠢ ᠦᠭᠡᠢ ᠪᠣᠯᠭᠠᠬᠤ ᠰᠢᠢᠳᠪᠦᠷᠢ ᠶᠢ ᠭᠠᠭᠴᠠᠭᠠᠷ ᠢᠶᠠᠨ ᠭᠠᠷᠳᠠᠭ ᠦᠭᠡᠢ᠃ ᠡᠶᠢᠮᠦ ᠪᠣᠯᠤᠯᠴᠠᠭ᠎ᠠ ᠴᠤ ᠬᠣᠪᠣᠷ ᠪᠠᠶᠢᠳᠠᠭ᠃ ᠤᠭ ᠠᠰᠠᠭᠤᠳᠠᠯ ᠢᠶᠠᠷ ᠬᠠᠤᠯᠢ ᠵᠥᠷᠢᠴᠡᠭᠰᠡᠨ᠂ ᠥᠪᠡᠷᠲᠡᠭᠡᠨ ᠳᠠᠪᠠᠭᠤ ᠪᠠᠶᠢᠳᠠᠯ ᠡᠭᠦᠰᠬᠡᠭᠰᠡᠨ ᠵᠦᠢᠯ ᠦᠭᠡᠢ᠃ ᠨᠠᠮ ᠤᠨ ᠤᠳᠤᠷᠢᠳᠬᠤ ᠵᠥᠪᠯᠡᠯ ᠶᠠᠷᠢᠯᠴᠠᠵᠤ ᠪᠠᠶᠢᠵᠤ ᠰᠢᠢᠳᠪᠦᠷᠢ ᠭᠠᠷᠭᠠᠳᠠᠭ᠃
-ᠨᠡᠶᠢᠰᠯᠡᠯ ᠦᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠲᠥᠯᠥᠭᠡᠯᠡᠭᠴᠢ ᠴ∙ᠰᠠᠨᠳᠤᠢ ᠰᠠᠶ᠋ᠢᠬᠠᠨ  ᠲᠸᠯᠸᠢᠰ ᠦᠨ ᠨᠡᠪᠲᠡᠷᠡᠭᠦᠯᠭᠡ ᠳᠦ ᠣᠷᠣᠭᠰᠠᠨ ᠶᠠᠷᠢᠶᠠᠨ ᠳᠤ ᠪᠠᠨ ᠲᠠᠨ ᠤ ᠨᠡᠷ᠎ᠡ ᠶᠢ ᠬᠡᠳᠦᠨᠲᠡ ᠳᠤᠷᠠᠳᠤᠭᠰᠠᠨ᠃ ᠲᠠ ᠡᠭᠦᠨ ᠳᠦ ᠶᠠᠮᠠᠷ ᠲᠠᠶᠢᠯᠪᠤᠷᠢ ᠬᠢᠬᠦ ᠪᠤᠢ ︖
– ᠪᠢ ᠲᠠᠶᠢᠯᠪᠤᠷᠢ ᠥᠭᠭᠦᠬᠦ ᠦᠭᠡᠢ᠃ ᠠᠯᠳᠠᠭ᠎ᠠ ᠭᠠᠷᠭᠠᠭᠰᠠᠨ ᠪᠣᠯ ᠠᠯᠳᠠᠭ᠎ᠠ  ᠪᠠᠨ ᠡᠭᠦᠷᠦᠭᠡᠳ ᠶᠠᠪᠤᠬᠤ ᠶᠣᠰᠣᠲᠠᠢ᠃

ᠰᠡᠳᠬᠢᠭᠳᠡᠯ ᠦᠯᠡᠳᠡᠭᠡᠬᠦ