ᠱ ∙ᠤᠳᠤᠰᠦ᠋ᠷᠦᠩ IPFC ᠪᠥᠰᠡᠨ ᠦ ᠡᠵᠡᠨ ᠪᠣᠯᠵᠠᠢ  | News.MN

ᠱ ∙ᠤᠳᠤᠰᠦ᠋ᠷᠦᠩ IPFC ᠪᠥᠰᠡᠨ ᠦ ᠡᠵᠡᠨ ᠪᠣᠯᠵᠠᠢ 

ᠣᠷᠣᠰ ᠲᠤ ᠵᠣᠬᠢᠶᠠᠨ ᠪᠠᠶᠢᠭᠤᠯᠤᠭᠳᠠᠭᠰᠠᠨ ︽ ᠸᠯᠠᠳᠢᠸᠤᠰᠲ᠋ᠤᠺ -2019︾ ᠣᠯᠠᠨ ᠤᠯᠤᠰ ᠤᠨ ᠲᠡᠮᠡᠴᠡᠭᠡᠨ ᠳᠦ IPFC ᠬᠣᠯᠪᠣᠭᠠᠨ ᠤ ᠬᠣᠯᠢᠮᠠᠭ ᠲᠤᠯᠤᠭᠠᠨ ᠤ 61 ᠺᠢᠯᠦᠭᠷᠡᠮ ᠦᠨ ᠵᠢᠩ ᠳᠦ ᠲᠤᠯᠤᠯᠳᠤᠭᠰᠠᠨ ᠳᠣᠲᠣᠭᠠᠳᠤ ᠶᠢᠨ ᠴᠡᠷᠢᠭ ᠦᠨ 805 ᠳ᠋ᠤᠭᠠᠷ ᠠᠩᠬᠢ ᠶᠢᠨ ᠬᠠᠷᠠᠭᠤᠯᠴᠢᠨ᠂ ᠠᠬᠠᠯᠠᠭᠴᠢ ᠱ∙ᠤᠳᠤᠰᠦ᠋ᠷᠦᠩ IPFC ᠪᠥᠰᠡᠨ ᠦ ᠡᠵᠡᠨ ᠪᠣᠯᠤᠯ᠎ᠠ᠃ ᠲᠡᠷᠡ ᠪᠡᠷ ᠣᠷᠣᠰ ᠤᠨ ᠲᠠᠮᠢᠷᠴᠢᠨ ᠢ ᠢᠯᠠᠵᠤ ᠡᠨᠡᠬᠦ ᠪᠥᠰᠡᠨ ᠦ ᠡᠵᠡᠨ ᠪᠣᠯᠤᠭᠰᠠᠨ ᠪᠠᠶᠢᠨ᠎ᠠ᠃
ᠤᠭ ᠲᠡᠮᠡᠴᠡᠭᠡᠨ ᠳᠦ ᠣᠷᠣᠰ᠂  ᠪᠦᠭᠦᠳᠡ ᠨᠠᠶᠢᠷᠠᠮᠳᠠᠬᠤ ᠰᠤᠯᠤᠩᠭᠤᠰ ᠤᠯᠤᠰ᠂ ᠪᠷᠠᠽᠢᠯ᠂ ᠮᠣᠩᠭᠣᠯ ᠵᠡᠷᠭᠡ ᠤᠯᠤᠰ ᠤᠨ 30 ᠭᠠᠷᠤᠢ ᠣᠷᠣᠨ ᠤ ᠲᠠᠮᠢᠷᠴᠢᠳ ᠣᠷᠣᠯᠴᠠᠵᠠᠢ᠃ ᠮᠣᠩᠭᠣᠯ ᠤᠯᠤᠰ ᠢ ᠲᠥᠯᠥᠭᠡᠯᠡᠨ ᠬᠣᠶᠠᠷ ᠲᠠᠮᠢᠷᠴᠢᠨ ᠣᠷᠣᠯᠴᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ