ᠲ∙ᠮᠥᠩᠬᠡᠪᠠᠲᠤ ᠭᠧᠷᠮᠠᠨ ᠤ ᠰᠢᠭᠦᠬᠦ ᠡᠴᠡ ᠶᠠᠯ᠎ᠠ ᠰᠣᠨᠣᠰᠤᠯ᠎ᠠ  | News.MN

ᠲ∙ᠮᠥᠩᠬᠡᠪᠠᠲᠤ ᠭᠧᠷᠮᠠᠨ ᠤ ᠰᠢᠭᠦᠬᠦ ᠡᠴᠡ ᠶᠠᠯ᠎ᠠ ᠰᠣᠨᠣᠰᠤᠯ᠎ᠠ 

ᠭᠸᠷᠮᠡᠨ ᠦ ᠰᠢᠭᠦᠬᠦ ᠮᠣᠩᠭᠣᠯ ᠤᠯᠤᠰ ᠤᠨ ᠳ᠋ᠢᠫᠯᠣᠮᠠᠲ᠋ᠴᠢ ᠲ∙ᠮᠥᠩᠬᠡᠪᠠᠲᠤ ᠳᠤ ᠶᠠᠯ᠎ᠠ ᠣᠨᠣᠭᠠᠭᠰᠠᠨ ᠲᠠᠯ᠎ᠠ ᠪᠠᠷ ᠭᠧᠷᠮᠠᠨ ᠤ ᠬᠡᠪᠯᠡᠯ ᠮᠡᠳᠡᠭᠡᠯᠡᠯ ᠦᠨ ᠬᠡᠷᠡᠭᠰᠡᠯ ᠦᠳ ᠮᠡᠳᠡᠭᠡᠯᠡᠵᠡᠢ᠃ ᠲᠣᠳᠣᠷᠠᠭᠤᠯᠪᠠᠯ᠂ ᠣᠷᠣᠰ ᠤᠨ ᠪᠤᠷᠢᠶᠠᠳ ᠤᠯᠤᠰ ᠤᠨ ᠤᠯᠠᠭᠠᠨ-ᠦᠳᠡ ᠳᠦ ᠰᠠᠭᠤᠭ᠎ᠠ ᠶᠡᠷᠦᠩᠬᠡᠢ ᠺᠤᠨᠰᠦ᠋ᠯ ᠤᠨ ᠭᠠᠵᠠᠷ ᠲᠤ ᠬᠤᠳᠠᠯᠳᠤᠭᠠᠨ ᠤ ᠠᠲᠲ᠋ᠠᠱᠧ ᠪᠠᠷ ᠠᠵᠢᠯᠯᠠᠵᠤ ᠪᠠᠶᠢᠭᠰᠠᠨ ᠲ∙ᠮᠥᠩᠬᠡᠪᠠᠲᠤ ᠳᠤ ᠡᠨᠡ ᠰᠠᠷ᠎ᠠ ᠶᠢᠨ 13 ᠍ ᠳᠦ ᠭᠧᠷᠮᠠᠨ ᠤ ᠰᠢᠭᠦᠬᠦ ᠭᠤᠷᠪᠠᠨ ᠵᠢᠯ ᠶᠢᠰᠦᠨ ᠰᠠᠷ᠎ᠠ ᠬᠤᠷᠢᠬᠤ ᠶᠠᠯ᠎ᠠ ᠣᠨᠣᠭᠠᠭᠰᠠᠨ ᠲᠠᠯ᠎ᠠ ᠪᠠᠷ Bild ᠰᠣᠨᠢᠨ ᠮᠡᠳᠡᠭᠡᠯᠡᠭᠰᠡᠨ ᠶᠤᠮ᠃ ᠲᠡᠭᠦᠨ ᠲᠡᠢ ᠬᠠᠮᠲᠤ ᠪᠠᠷᠢᠪᠴᠢᠯᠠᠭᠳᠠᠭᠰᠠᠨ ᠵᠢᠯᠣᠭᠣᠴᠢ ᠡ᠊∙ᠣᠷᠭᠢᠯ ᠢ ᠰᠤᠯᠠᠯᠠᠬᠤ ᠰᠢᠢᠳᠪᠦᠷᠢ ᠭᠠᠷᠭᠠᠭᠰᠠᠨ᠂  ᠨᠠᠢᠮᠠᠨ ᠰᠠᠷ᠎ᠠ ᠬᠤᠷᠢᠬᠤ ᠶᠠᠯ᠎ᠠ ᠰᠣᠨᠣᠰᠤᠭᠰᠠᠨ ᠭᠡᠬᠦ ᠮᠡᠲᠦ ᠵᠦᠷᠢᠶ᠎ᠠ ᠲᠠᠢ ᠮᠡᠳᠡᠭᠡᠯᠡᠯ ᠴᠦ ᠪᠠᠶᠢᠨ᠎ᠠ᠃ ᠬᠡᠷᠡᠭ ᠢ ᠰᠠᠨᠠᠭᠤᠯᠬᠤ ᠳᠤ᠂ ᠲ∙ᠮᠥᠩᠬᠡᠪᠠᠲᠤ᠂ ᠡ᠊∙ᠣᠷᠭᠢᠯ ᠨᠢ 150 ᠮᠢᠩᠭᠠᠨ ᠰᠢᠷᠬᠡᠭ ᠰᠡᠳᠬᠢᠴᠡ  ᠨᠦᠯᠦᠭᠡᠯᠡᠬᠦ ᠪᠤᠶᠤ ᠲᠠᠶᠢᠪᠤᠰᠢᠷᠠᠭᠤᠯᠬᠤ᠂ ᠮᠠᠩᠰᠢᠭᠤᠷᠠᠭᠤᠯᠬᠤ ᠦᠢᠯᠡᠴᠢᠯᠡᠭᠡ ᠲᠡᠢ ᠡᠮ ᠲᠡᠭᠡᠭᠡᠪᠦᠷᠢᠯᠡᠵᠦ ᠶᠠᠪᠤᠭᠰᠠᠨ ᠨᠢ ᠢᠯᠡᠷᠡᠭᠰᠡᠨ ᠪᠢᠯᠡ᠃

ᠰᠡᠳᠬᠢᠭᠳᠡᠯ ᠦᠯᠡᠳᠡᠭᠡᠬᠦ