ᠠᠩᠭᠯᠢ ᠶᠢᠨ ᠳᠠᠭᠤᠴᠢᠨ  ᠬᠥᠪᠰᠥᠭᠥᠯ ᠦᠨ ᠲᠠᠶᠢᠭ᠎ᠠ ᠳᠤ ᠳᠠᠭᠤᠤ ᠳᠠᠭᠤᠯᠠᠵᠠᠢ | News.MN

ᠠᠩᠭᠯᠢ ᠶᠢᠨ ᠳᠠᠭᠤᠴᠢᠨ  ᠬᠥᠪᠰᠥᠭᠥᠯ ᠦᠨ ᠲᠠᠶᠢᠭ᠎ᠠ ᠳᠤ ᠳᠠᠭᠤᠤ ᠳᠠᠭᠤᠯᠠᠵᠠᠢ

ᠤᠰᠠᠳᠴᠤ ᠪᠤᠢ ᠪᠠᠶᠢᠭᠠᠯᠢ ᠳᠡᠯᠡᠬᠡᠢ᠂ ᠠᠭᠠᠷ ᠤᠨ ᠪᠤᠬᠢᠷᠳᠤᠯ ᠤᠨ ᠲᠤᠬᠠᠢ ᠦᠭᠦᠯᠡᠭᠰᠡᠨ ᠠᠩᠭᠯᠢ ᠶᠢᠨ ᠳᠠᠭᠤᠴᠢᠨ Novo Amor ᠍ ᠤᠨ Repeat Untill Death ᠬᠡᠮᠡᠬᠦ ᠨᠡᠷ᠎ᠡ ᠲᠡᠢ ᠳᠠᠭᠤᠤ ᠶᠢᠨ  ᠺᠢᠯᠢᠫ ᠦᠨ ᠵᠢᠷᠤᠭ ᠠᠪᠤᠯᠲᠠ ᠶᠢ ᠮᠣᠩᠭᠣᠯ ᠳᠤ ᠬᠢᠵᠡᠢ᠃ ᠡᠨᠡ ᠳᠠᠭᠤᠤ ᠠᠩᠭᠯᠢ ᠶᠢᠨ Music Awards 2019 ᠨᠠᠭᠠᠳᠤᠮ ᠤᠨ ︽ᠣᠨ ᠤ ᠰᠢᠯᠢᠳᠡᠭ︾ ᠲᠥᠷᠥᠯ ᠳᠦ ᠨᠡᠷ᠎ᠡ ᠳᠡᠪᠰᠢᠵᠦ᠂ ᠳᠡᠯᠡᠬᠡᠢ ᠶᠢᠨ ᠳᠡᠪᠵᠢᠶᠠᠨ ᠳᠦ ᠥᠷᠢᠰᠦᠯᠳᠦᠬᠦ ᠪᠡᠷ ᠪᠣᠯᠤᠭᠰᠠᠨ ᠪᠠᠶᠢᠨ᠎ᠠ᠃
ᠺᠢᠯᠢᠫ ᠦᠨ ᠭᠣᠣᠯ ᠳᠦᠷᠢ ᠳᠦ ᠵᠦᠴᠦᠭᠡᠴᠢᠨ ᠨ ᠂ ᠢᠯᠠᠯᠲᠠ᠂ ᠬᠡᠦᠬᠡᠳ ᠦᠨ ᠣᠷᠳᠣᠨ ᠤ ᠳ᠋ᠷᠠᠮ ᠤᠨ ᠳᠤᠭᠤᠶᠢᠯᠠᠩ ᠤᠨ ᠰᠤᠷᠤᠭᠴᠢ ᠪ ᠂ ᠮᠥᠩᠬᠡᠵᠢᠨ ᠥᠬᠢᠨ ᠲᠣᠭᠯᠠᠭᠰᠠᠨ ᠪᠥᠭᠡᠳ ᠰᠢᠩᠭᠠᠫᠦᠷ᠂ ᠬᠤᠯᠯᠠᠨᠳ᠋᠂  ᠮᠠᠯᠠᠶᠢᠰᠢᠶ᠎ᠠ᠂ ᠦᠺᠷᠠᠶᠢᠨ᠂ ᠮᠣᠩᠭᠣᠯ ᠤᠷᠠᠨ ᠪᠦᠲᠦᠭᠡᠯᠴᠢᠳ ᠬᠠᠮᠲᠤᠷᠠᠨ ᠬᠥᠪᠰᠥᠭᠥᠯ ᠦᠨ ᠶᠡᠬᠡ ᠲᠠᠶᠢᠭ᠎ᠠ ᠳᠤ  ᠳ᠋ᠦᠩ ᠡᠪᠦᠯ ᠦᠨ -40 ᠬᠡᠮ ᠳᠦ ᠠᠵᠢᠯᠯᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ