︽ᠰᠠᠷᠢᠳᠠᠭ ᠤᠨ ᠬᠡᠶᠢᠳ︾ ᠦᠵᠡᠰᠬᠦᠯᠡᠩ ᠢ ᠲᠣᠯᠢᠯᠠᠭᠤᠯᠵᠤ ᠡᠬᠢᠯᠡᠯ᠎ᠡ  | News.MN

︽ᠰᠠᠷᠢᠳᠠᠭ ᠤᠨ ᠬᠡᠶᠢᠳ︾ ᠦᠵᠡᠰᠬᠦᠯᠡᠩ ᠢ ᠲᠣᠯᠢᠯᠠᠭᠤᠯᠵᠤ ᠡᠬᠢᠯᠡᠯ᠎ᠡ 

ᠥᠨᠳᠥᠷ ᠭᠡᠭᠡᠨ ᠵᠠᠨᠠᠪᠠᠽᠠᠷ ᠤᠨ ᠤᠷᠠᠨ ᠪᠦᠲᠦᠭᠡᠯ ᠦᠨ ᠣᠷᠳᠣᠨ ᠪᠣᠯᠬᠤ ᠨᠢ ᠲᠣᠭᠲᠠᠭᠠᠭᠳᠠᠭᠰᠠᠨ ᠰᠠᠷᠢᠳᠠᠭ ᠤᠨ ᠬᠡᠶᠢᠳ ᠲᠡᠢ ᠬᠣᠯᠪᠣᠭ᠎ᠠ ᠲᠠᠢ ᠦᠵᠡᠰᠬᠦᠯᠡᠩ ᠦᠨᠳᠦᠰᠦᠨ ᠦ ᠮᠦᠽᠧᠢ ᠳᠦ ᠨᠡᠭᠡᠭᠡᠯᠲᠡ ᠪᠡᠨ ᠬᠢᠪᠡ᠃  ᠰᠢᠨᠵᠢᠯᠡᠬᠦ ᠤᠬᠠᠭᠠᠨ ᠤ ᠠᠺᠠᠳ᠋ᠸᠮᠢ ᠶᠢᠨ ᠲᠡᠦᠬᠡ ᠠᠷᠬᠧᠣᠯᠣᠭᠢ ᠶᠢᠨ ᠬᠦᠷᠢᠶᠡᠯᠡᠩ ᠦᠨ ᠦᠨᠳᠦᠰᠦᠨ ᠦ ᠰᠢᠨᠵᠢᠯᠡᠭᠡᠨ ᠦ ᠠᠩᠭᠢ ᠲᠥᠪ ᠠᠶᠢᠮᠠᠭ ᠤᠨ ᠡᠷᠳᠡᠨᠢ ᠰᠤᠮᠤ ᠶᠢᠨ ᠨᠤᠲᠤᠭ ᠲᠤ ᠪᠠᠶᠢᠬᠤ ᠰᠠᠷᠢᠳᠠᠭ ᠤᠨ ᠬᠡᠶᠢᠳ ᠲᠦ ᠵᠢᠷᠭᠤᠭᠠᠨ ᠵᠢᠯ ᠦᠨ ᠲᠤᠷᠰᠢ ᠮᠠᠯᠲᠠᠯᠭ᠎ᠠ ᠬᠢᠭᠰᠡᠨ ᠦ  ᠳ᠋ᠦᠩ ᠳᠦ ᠡᠨᠡ ᠬᠡᠶᠢᠳ ᠬᠠᠯᠬ᠎ᠠ ᠶᠢᠨ ᠥᠨᠳᠥᠷ ᠭᠡᠭᠡᠨ ᠵᠠᠨᠠᠪᠠᠽᠠᠷ 1654-1686 ᠣᠨ ᠤ ᠬᠣᠭᠣᠷᠣᠨᠳᠣ ᠪᠠᠶᠢᠭᠤᠯᠤᠭᠰᠠᠨ ᠨᠣᠮ ᠤᠨ ᠶᠡᠬᠡ ᠬᠦᠷᠢᠶᠡᠨ ᠦ ᠲᠤᠭᠤᠷᠢ ᠪᠣᠯᠬᠤ ᠶᠢ ᠨᠣᠲᠠᠯᠠᠵᠤ᠂ ᠬᠣᠪᠣᠷ ᠣᠯᠳᠠᠪᠤᠷᠢ᠂ ᠳᠤᠷᠠᠰᠬᠠᠯ ᠤᠳ ᠤᠯᠵᠤ ᠨᠡᠶᠢᠲᠡ ᠳᠦ ᠲᠣᠯᠢᠯᠠᠭᠤᠯᠵᠤ ᠪᠠᠶᠢᠨ᠎ᠠ᠃ ᠲᠤᠬᠠᠶᠢᠯᠠᠪᠠᠯ ᠢᠵᠠᠭᠤᠷ ᠤᠨ ᠲᠠᠪᠤᠨ ᠪᠤᠷᠬᠠᠨ ᠤ ᠴᠣᠭᠴᠠ ᠳᠤᠷᠠᠰᠬᠠᠯ ᠪᠣᠯᠬᠤ 3000 ᠣᠷᠴᠢᠮ ᠪᠤᠷᠬᠠᠨ ᠢᠯᠡᠷᠡᠭᠰᠡᠨ ᠦ 1000 ᠪᠤᠷᠬᠠᠨ ᠢ ᠥᠨᠳᠥᠷ ᠭᠡᠭᠡᠨ ᠦ ᠨᠣᠭᠣᠭᠠᠨ ᠳ᠋ᠠᠷ᠎ᠠ ᠡᠬᠡ ᠶᠢᠨ ᠬᠠᠮᠲᠤ ᠵᠠᠯᠠᠵᠠᠢ᠃
ᠰᠠᠷᠢᠳᠠᠭ ᠤᠨ ᠬᠡᠶᠢᠳ ᠮᠣᠩᠭᠣᠯ ᠤᠨ ᠲᠡᠳᠦᠢ ᠦᠭᠡᠢ ᠪᠥᠰᠡ ᠨᠤᠲᠤᠭ ᠤᠨ ᠰᠤᠶᠤᠯ᠂ ᠤᠯᠤᠰ ᠲᠥᠷᠥ᠂ ᠬᠤᠳᠠᠯᠳᠤᠭᠠᠨ ᠤ ᠲᠣᠮᠣᠬᠠᠨ ᠲᠥᠪ ᠪᠠᠶᠢᠭᠰᠠᠨ ᠢ ᠭᠡᠷᠡᠴᠢᠯᠡᠬᠦ ᠣᠯᠳᠠᠪᠤᠷᠢ ᠨᠤᠭᠤᠳ ᠢᠯᠡᠷᠡᠭᠡᠳ ᠪᠠᠶᠢᠨ᠎ᠠ᠃ ᠡᠭᠦᠨ ᠢ ᠮᠢᠩ ᠤᠯᠤᠰ ᠤᠨ ᠦᠶ᠎ᠡ ᠶᠢᠨ ᠱᠠᠭᠠᠵᠠᠩ ᠴᠣᠮᠣ᠂ ᠠᠶᠠᠭ᠎ᠠ᠂ ᠶᠤᠸᠠᠨ ᠤᠯᠤᠰ ᠤᠨ ᠦᠶ᠎ᠡ ᠶᠢᠨ ᠸᠠᠭᠠᠷ᠂ ᠮᠣᠩᠭᠣᠯ ᠤᠨ ᠡᠵᠡᠨᠲᠦ ᠭᠦᠷᠦᠨ ᠦ ᠦᠶ᠎ᠡ ᠶᠢᠨ ᠰᠤᠮᠤᠨ ᠤ ᠵᠡᠪᠡ ᠪᠣᠯᠤᠨ ᠪᠤᠰᠤᠳ ᠤᠯᠤᠰ ᠤᠨ ᠵᠣᠭᠣᠰ᠂  ᠭᠠᠯᠲᠤ ᠫᠤᠤ ᠂ ᠨᠠᠷᠠᠨ ᠤ ᠴᠠᠭ ᠵᠡᠷᠭᠡ ᠶᠢ ᠳᠤᠷᠠᠳᠴᠤ ᠪᠣᠯᠬᠤ ᠶᠤᠮ᠃

ᠰᠡᠳᠬᠢᠭᠳᠡᠯ ᠦᠯᠡᠳᠡᠭᠡᠬᠦ