ᠳᠦᠷᠪᠡᠨ ᠲᠠᠮᠢᠷᠴᠢᠨ ᠳᠡᠯᠡᠬᠡᠢ ᠶᠢᠨ ᠠᠪᠤᠷᠭᠤ ᠳᠤ ᠣᠷᠣᠯᠴᠠᠵᠤ ᠪᠠᠶᠢᠨ᠎ᠠ   | News.MN

 ᠳᠦᠷᠪᠡᠨ ᠲᠠᠮᠢᠷᠴᠢᠨ ᠳᠡᠯᠡᠬᠡᠢ ᠶᠢᠨ ᠠᠪᠤᠷᠭᠤ ᠳᠤ ᠣᠷᠣᠯᠴᠠᠵᠤ ᠪᠠᠶᠢᠨ᠎ᠠ  

ᠳᠡᠯᠡᠬᠡᠢ ᠶᠢᠨ ᠰᠫᠣᠷᠲ ᠤᠨ ᠬᠠᠲᠤᠨ ᠬᠠᠭᠠᠨ ᠭᠡᠭᠳᠡᠳᠡᠭ ᠬᠥᠩᠭᠡᠨ ᠠᠲᠯᠧᠲ᠋ᠢᠺ  ᠤᠨ 2019 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠥᠨᠥᠳᠥᠷ ︵2019.09.27︶ ᠺᠠᠲ᠋ᠠᠷ ᠤᠯᠤᠰ ᠤᠨ  ᠳ᠋ᠤᠾᠠ ᠬᠤᠲᠠ ᠳᠤ ᠡᠬᠢᠯᠡᠵᠦ ᠪᠠᠶᠢᠨ᠎ᠠ᠃ 17 ᠳ᠋ᠡᠬᠢ ᠤᠳᠠᠭ᠎ᠠ ᠪᠠᠨ ᠵᠣᠬᠢᠶᠠᠨ ᠪᠠᠶᠢᠭᠤᠯᠤᠭᠳᠠᠵᠤ ᠪᠤᠢ ᠬᠥᠩᠭᠡᠨ ᠠᠲᠯᠧᠲ᠋ᠢᠺ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠨᠡ ᠰᠠᠷ᠎ᠠ ᠶᠢᠨ 27 ᠍ ᠤ ᠡᠳᠦᠷ ᠡᠴᠡ ᠢᠷᠡᠬᠦ ᠠᠷᠪᠠᠳᠤᠭᠠᠷ ᠰᠠᠷ᠎ᠠ ᠶᠢᠨ 6 ᠍ ᠤ ᠡᠳᠦᠷ ᠦᠳ ᠲᠦ ᠪᠣᠯᠬᠤ ᠪᠥᠭᠡᠳ 209 ᠣᠷᠣᠨ ᠤ ᠪᠠᠭ᠂ ᠲᠠᠮᠢᠷᠴᠢᠳ ᠣᠷᠣᠯᠴᠠᠨ᠎ᠠ᠃ ᠮᠣᠩᠭᠣᠯ ᠤᠯᠤᠰ ᠠᠴᠠ ᠮᠠᠷᠠᠹᠣᠨ ᠭᠦᠶᠦᠯᠲᠡ ᠶᠢᠨ ᠲᠥᠷᠥᠯ ᠳᠦ ᠪ∙ᠰᠸᠷᠠᠤᠳᠤ᠂ ᠴ∙ᠪᠢᠮᠪᠠᠵᠠᠪ᠂ ᠪ∙ᠮᠦᠩᠬᠡᠵᠠᠶᠠᠭ᠎ᠠ ᠪᠣᠯᠤᠨ ᠭ∙ᠬᠡᠰᠢᠭᠰᠠᠶᠢᠬᠠᠨ ᠣᠷᠣᠯᠴᠠᠵᠤ ᠪᠠᠶᠢᠨ᠎ᠠ᠃ ᠳᠡᠯᠡᠬᠡᠢ ᠶᠢᠨ ᠠᠪᠤᠷᠭᠤ ᠶᠢᠨ ᠡᠮᠡᠭᠲᠡᠢ ᠮᠠᠷᠠᠹᠣᠨ ᠲᠥᠷᠥᠯ ᠦᠨ ᠤᠷᠤᠯᠳᠤᠭᠠᠨ ᠥᠨᠥᠳᠥᠷ ᠪᠤᠶᠤ ᠲᠡᠮᠡᠴᠡᠭᠡᠨ ᠦ ᠡᠬᠢᠨ ᠦ ᠡᠳᠦᠷ ᠪᠣᠯᠤᠨ᠎ᠠ᠃ ᠡᠨᠡ ᠡᠳᠦᠷ ᠮᠠᠨ ᠤ ᠤᠯᠤᠰ ᠠᠴᠠ ᠪ∙ᠮᠦᠩᠬᠡᠵᠠᠶᠠᠭ᠎ᠠ ᠂ ᠭ∙ᠬᠡᠰᠢᠭᠰᠠᠶᠢᠬᠠᠨ ᠨᠠᠷ ᠤᠷᠤᠯᠳᠤᠬᠤ ᠪᠣᠯ ᠡᠷᠡᠭᠲᠡᠢ ᠮᠠᠷᠠᠹᠣᠨ ᠤ ᠲᠠᠮᠢᠷᠴᠢᠳ 29 ᠍ ᠦ ᠨᠢᠮ᠎ᠠ ᠭᠠᠷᠠᠭ ᠲᠤ ᠤᠷᠤᠯᠳᠤᠨ᠎ᠠ᠃

ᠰᠡᠳᠬᠢᠭᠳᠡᠯ ᠦᠯᠡᠳᠡᠭᠡᠬᠦ