ᠲ∙ᠴᠢᠯᠠᠭᠤᠨᠪᠠᠭᠠᠲᠤᠷ 800 ᠮᠣᠷᠢᠨ ᠤ ᠭᠢᠰᠬᠢᠳᠡᠯ ᠠᠰᠢᠭᠯᠠᠭᠰᠠᠨ ᠪᠦᠲᠦᠭᠡᠯ ᠢᠶᠡᠨ ᠳᠡᠯᠭᠡᠨ᠎ᠡ  | News.MN

ᠲ∙ᠴᠢᠯᠠᠭᠤᠨᠪᠠᠭᠠᠲᠤᠷ 800 ᠮᠣᠷᠢᠨ ᠤ ᠭᠢᠰᠬᠢᠳᠡᠯ ᠠᠰᠢᠭᠯᠠᠭᠰᠠᠨ ᠪᠦᠲᠦᠭᠡᠯ ᠢᠶᠡᠨ ᠳᠡᠯᠭᠡᠨ᠎ᠡ 

ᠠᠮᠧᠷᠢᠺᠠ  ᠳᠦ ᠠᠮᠢᠳᠤᠷᠠᠵᠤ᠂ ᠤᠷᠠᠨ ᠪᠦᠲᠦᠭᠡᠯ ᠢᠶᠡᠨ ᠲᠤᠭᠤᠷᠪᠢᠳᠠᠭ ᠵᠢᠷᠤᠭᠠᠴᠢ ᠲ∙ᠴᠢᠯᠠᠭᠤᠨᠪᠠᠭᠠᠲᠤᠷ 800 ᠮᠣᠷᠢᠨ ᠤ ᠭᠢᠰᠬᠢᠳᠡᠯ ᠠᠰᠢᠭᠯᠠᠨ ᠪᠦᠲᠦᠭᠡᠭᠰᠡᠨ Action painting ᠦᠵᠡᠰᠭᠦᠯᠡᠩ ᠢᠶᠡᠨ

︽ᠪᠯᠢᠦ᠋ ᠮᠣᠨ︾ ᠠᠷᠲ ᠭᠠᠯᠧᠷᠧᠢ ᠳᠦ ᠮᠠᠷᠭᠠᠰᠢ ᠨᠡᠭᠡᠭᠡᠨ᠎ᠡ᠃
ᠲᠡᠷᠡᠪᠡᠷ ᠮᠣᠩᠭᠣᠯ ᠮᠣᠷᠢ ᠶᠢ ᠳᠡᠯᠡᠬᠡᠢ ᠨᠡᠶᠢᠲᠡ ᠳᠦ ᠤᠷᠠᠯᠢᠭ ᠢᠶᠠᠷ ᠳᠠᠮᠵᠢᠭᠤᠯᠤᠨ ᠰᠤᠷᠲᠠᠯᠴᠢᠯᠠᠨ ᠲᠠᠨᠢᠭᠤᠯᠬᠤ ᠵᠣᠷᠢᠯᠭ᠎ᠠ ᠪᠠᠷ 2019 ᠣᠨ ᠤ ᠨᠠᠢᠮᠠᠳᠤᠭᠠᠷ ᠰᠠᠷ᠎ᠠ ᠶᠢᠨ 10-13 ᠍ ᠳᠦ ᠥᠪᠦᠷᠬᠠᠩᠭᠠᠢ ᠠᠶᠢᠮᠠᠭ ᠤᠨ ᠶᠢᠰᠦᠨᠵᠦᠢᠯ ᠰᠤᠮᠤᠨ ᠳᠤ 800 ᠮᠣᠩᠭᠣᠯ ᠮᠣᠷᠢᠨ ᠤ ᠭᠢᠰᠬᠢᠳᠡᠯ ᠢ ᠤᠷᠠᠨ ᠪᠦᠲᠦᠭᠡᠯ ᠪᠣᠯᠭᠠᠨ ᠮᠣᠷᠢᠨ ᠤ ᠭᠢᠰᠭᠢᠬᠦ᠂ ᠬᠠᠲᠠᠷᠢᠬᠤ᠂ ᠳᠠᠪᠬᠢᠬᠤ ᠪᠦᠬᠦᠢ ᠯᠠ ᠦᠢᠯᠡ ᠶᠢ ᠵᠢᠷᠤᠭ ᠪᠣᠯᠭᠠᠨ ᠮᠥᠩᠬᠡᠯᠡᠵᠡᠢ᠃ ᠵᠢᠷᠤᠭᠠᠴᠢ 800 ᠮᠣᠷᠢ ᠳᠡᠭᠡᠭᠦᠷ ᠨᠢ ᠭᠠᠷᠬᠤ ᠳᠤ ᠪᠠᠭᠲᠠᠬᠤ ᠬᠡᠮᠵᠢᠶᠡᠨ ᠦ ᠳᠠᠪᠤᠤ ᠶᠢ ᠳᠡᠯᠭᠡᠨ᠂ ᠪᠤᠳᠤᠭ ᠰᠠᠴᠤᠵᠤ᠂ ᠮᠣᠷᠢᠨ ᠤ ᠳᠠᠪᠬᠢᠬᠤ᠂ ᠭᠢᠰᠭᠢᠬᠦ ᠬᠥᠳᠡᠯᠭᠡᠭᠡᠨ ᠪᠦᠷᠢ ᠶᠢ ᠺᠠᠮᠧᠷ ᠢᠶᠠᠷ ᠵᠢᠷᠤᠭ ᠢ ᠨᠢ ᠠᠪᠴᠤ᠂ ᠮᠣᠷᠢᠨ ᠤ ᠮᠥᠷ ᠢᠶᠡᠷ Action painting ᠣᠷᠴᠢᠨ ᠦᠶ᠎ᠡ ᠶᠢᠨ ᠪᠦᠲᠦᠭᠡᠯ ᠢ ᠪᠤᠢ ᠪᠣᠯᠭᠠᠵᠠᠢ᠃ ᠵᠢᠷᠤᠭ ᠢ ᠵᠥᠪᠬᠡᠨ ᠭᠠᠷ ᠢᠶᠠᠷ ᠢᠶᠠᠨ ᠵᠢᠷᠤᠵᠤ ᠪᠦᠲᠦᠭᠡᠳᠡᠭ ᠦᠢᠯᠡ ᠶᠠᠪᠤᠴᠠ ᠬᠤᠷᠢᠨ ᠨᠢᠭᠡᠳᠦᠭᠡᠷ ᠵᠠᠭᠤᠨ ᠳᠤ ᠥᠭᠡᠷᠡᠴᠢᠯᠡᠭᠳᠡᠵᠦ ᠬᠦᠮᠦᠨ ᠡᠴᠡ ᠭᠠᠳᠠᠨ᠎ᠠ ᠬᠣᠶᠠᠳᠠᠭᠴᠢ ᠡᠵᠡᠨ ᠣᠷᠣᠯᠴᠠᠵᠤ ᠪᠣᠯᠤᠨ᠎ᠠ ᠭᠡᠳᠡᠭ ᠢ ᠡᠨᠡᠬᠦ ᠦᠵᠡᠰᠬᠦᠯᠡᠩ ᠢᠶᠡᠷ ᠬᠠᠷᠠᠭᠤᠯᠬᠤ ᠶᠤᠮ᠃

ᠰᠡᠳᠬᠢᠭᠳᠡᠯ ᠦᠯᠡᠳᠡᠭᠡᠬᠦ