︽ᠪᠠᠯᠳᠣᠷᠵᠢ︾ ᠱᠠᠩᠨᠠᠯ ᠤᠨ ᠡᠵᠡᠳ ᠲᠣᠳᠣᠷᠠᠯ᠎ᠠ  | News.MN

 ︽ᠪᠠᠯᠳᠣᠷᠵᠢ︾ ᠱᠠᠩᠨᠠᠯ ᠤᠨ ᠡᠵᠡᠳ ᠲᠣᠳᠣᠷᠠᠯ᠎ᠠ 

ᠰᠡᠳᠬᠦᠯ ᠵᠦᠢ ᠶᠢᠨ ︽ᠪᠠᠯᠳᠣᠷᠵᠢ︾ ᠱᠠᠩᠨᠠᠯ ᠤᠨ ᠡᠵᠡᠳ ᠥᠴᠥᠭᠡᠳᠦᠷ ︵2019.09.26︶ ᠲᠣᠳᠣᠷᠠᠯ᠎ᠠ᠃ ᠡᠨᠡ ᠤᠳᠠᠭ᠎ᠠ ᠶᠢᠨ ︽ᠪᠠᠯᠳᠣᠷᠵᠢ︾ ᠱᠠᠩᠨᠠᠯᠲᠠᠨ ᠢᠶᠠᠷ ᠰᠡᠳᠬᠦᠯᠴᠢ ᠤ᠊∙ᠭᠠᠩᠪᠠᠶᠠᠷ᠂ ᠮ∙ ᠪᠤᠶᠠᠨᠪᠠᠳᠠᠷᠠᠬᠤ ᠨᠠᠷ ᠬᠦᠷᠢᠶᠡᠯᠡᠩ ᠲᠥᠰᠥᠯ –  ︽ᠺᠠᠯᠮᠢᠺ︾ ᠶᠡᠬᠡ ᠨᠡᠭᠦᠳᠡᠯ ᠦᠨ ᠮᠥᠷ ᠢᠶᠡᠷ᠂ ︽ᠭᠣᠪᠢ ᠶᠢᠨ ᠲᠠᠪᠤᠨ ᠭᠠᠶᠢᠬᠠᠮᠰᠢᠭ︾ ᠴᠤᠪᠤᠷᠠᠯ ᠨᠡᠪᠲᠡᠷᠡᠭᠦᠯᠭᠡ ᠪᠡᠷ ᠢᠶᠡᠨ ᠲᠣᠳᠣᠷᠠᠵᠤ᠂ ᠪᠣᠯᠣᠷ ᠴᠣᠮᠣ᠂ ᠡᠷᠭᠦᠮᠵᠢᠯᠡᠯ᠂ 20 ᠰᠠᠶ᠎ᠠ ᠲᠥᠭᠥᠷᠢᠭ ᠦᠨ ᠡᠵᠡᠨ ᠪᠣᠯᠪᠠ᠃
ᠲᠤᠰᠬᠠᠢ ᠪᠠᠶᠢᠷᠢ ᠳᠤ ikon.mn ᠰᠠᠶᠢᠲᠤ ᠶᠢᠨ ᠷᠧᠳᠠᠺᠲᠣᠷ ᠴ∙ᠪᠣᠯᠣᠷᠲᠤᠶᠠᠭ᠎ᠠ ᠵᠢᠵᠢᠭ ᠳᠤᠮᠳᠠ ᠦᠢᠯᠡᠳᠪᠦᠷᠢᠯᠡᠯ ᠢ ᠲᠣᠭᠣᠷᠢᠭᠰᠠᠨ ᠴᠤᠪᠤᠷᠠᠯ ᠨᠡᠶᠢᠲᠡᠯᠡᠯ ᠦᠳ ᠢᠶᠡᠷ ᠢᠶᠡᠨ᠂ ︽ᠥᠨᠥᠳᠥᠷ︾ ᠰᠣᠨᠢᠨ ᠤ ᠰᠡᠳᠬᠦᠯᠴᠢ ᠬ∙ᠤᠶᠠᠩᠭ᠎ᠠ ︽ᠳᠤᠯᠳᠤᠶᠢᠲᠤ ᠶᠢᠨ ᠷᠠᠪᠵᠠᠢ ᠳᠠᠭᠤᠯᠠᠵᠤ ᠶᠠᠪᠤᠭᠰᠠᠨ ᠨᠤᠲᠤᠭ ᠢ ᠬᠠᠷᠢ ᠬᠡᠯᠡᠲᠡᠨ ᠨᠦᠭᠦᠳ ᠬᠠᠷ᠎ᠠ ᠲᠣᠷᠲᠣᠭ ᠢᠶᠠᠷ ᠳᠠᠷᠤᠬᠤ ᠪᠠᠷ ᠵᠡᠬᠡᠵᠦ ᠪᠠᠶᠢᠨ᠎ᠠ︾ ᠴᠤᠪᠤᠷᠠᠯ ᠨᠡᠶᠢᠲᠡᠯᠡᠯ᠂ ub.life  ᠰᠠᠶᠢᠲ ᠤᠨ ᠰᠡᠳᠬᠦᠯᠴᠢ᠂ ᠷᠧᠳᠠᠺᠲᠣᠷ ᠪ∙ᠡᠩᠬᠡᠴᠡᠴᠡᠭ ︽ᠬᠤᠯᠠᠳᠬᠤ ᠲᠤᠰᠤᠮ ᠢᠶᠠᠨ ᠭᠡᠷᠡᠯᠲᠦᠨ᠎ᠡ︾ ᠬᠥᠷᠥᠭ ᠨᠡᠶᠢᠲᠡᠯᠡᠯ᠂ ︽ᠠᠰᠠᠭᠤᠬᠤ ᠶᠣᠰᠣᠲᠠᠢ ᠨᠢ ᠠᠰᠠᠭᠤᠯ ᠦᠭᠡᠢ᠂ ᠶᠠᠷᠢᠬᠤ ᠶᠣᠰᠣᠲᠠᠢ ᠨᠢ ᠶᠠᠷᠢᠯ ᠦᠭᠡᠢ ᠦᠯᠡᠳᠡᠵᠦ ᠳ᠋ᠡ︾ ᠶᠠᠷᠢᠯᠴᠠᠯᠭ᠎ᠠ ᠪᠠᠷ ᠢᠶᠠᠨ ᠲᠤᠰ ᠲᠤᠰ ᠰᠢᠯᠭᠠᠷᠠᠯ᠎ᠠ᠃

ᠰᠡᠳᠬᠢᠭᠳᠡᠯ ᠦᠯᠡᠳᠡᠭᠡᠬᠦ