ᠠ᠊∙ᠸᠴᠢᠷᠪᠤᠯᠤᠳ ᠭᠸᠷᠮᠡᠨ ᠳᠦ ᠱᠠᠩᠨᠠᠯ ᠬᠦᠷᠲᠡᠯ᠎ᠡ  | News.MN

ᠠ᠊∙ᠸᠴᠢᠷᠪᠤᠯᠤᠳ ᠭᠸᠷᠮᠡᠨ ᠳᠦ ᠱᠠᠩᠨᠠᠯ ᠬᠦᠷᠲᠡᠯ᠎ᠡ 

ᠭᠧᠷᠮᠠᠨ ᠤᠯᠤᠰ ᠤᠨ ᠪᠢᠦ᠋ᠳ᠋ᠸᠯᠰᠳᠤᠷᠤᠹ ᠬᠤᠲᠠ ᠳᠤ ᠵᠢᠯ ᠪᠦᠷᠢ ᠤᠯᠠᠮᠵᠢᠯᠠᠯ ᠪᠣᠯᠤᠨ ᠵᠣᠬᠢᠶᠠᠭᠳᠠᠳᠠᠭ  ︽ᠨᠤᠷᠳ᠋- ᠠᠷᠲ︾ ᠣᠯᠠᠨ ᠤᠯᠤᠰ ᠤᠨ ᠳᠦᠷᠰᠦᠯᠡᠬᠦ ᠤᠷᠠᠯᠢᠭ ᠤᠨ ᠦᠵᠡᠰᠬᠦᠯᠡᠩ ᠡᠨᠡ ᠵᠢᠯ 21 ᠳ᠋ᠡᠬᠢ  ᠤᠳᠠᠭ᠎ᠠ ᠪᠠᠨ ᠵᠢᠷᠭᠤᠳᠤᠭᠠᠷ ᠰᠠᠷ᠎ᠠ ᠶᠢᠨ 01  ᠡᠴᠡ ᠠᠷᠪᠠᠳᠤᠭᠠᠷ ᠰᠠᠷ᠎ᠠ ᠶᠢᠨ 13 ᠍ ᠤ ᠡᠳᠦᠷ ᠢ ᠬᠦᠷᠲᠡᠯ᠎ᠡ ᠵᠣᠬᠢᠶᠠᠨ ᠪᠠᠶᠢᠭᠤᠯᠤᠭᠳᠠᠵᠤ ᠪᠠᠶᠢᠨ᠎ᠠ᠃ ᠶᠢᠰᠦᠳᠦᠭᠡᠷ ᠰᠠᠷ᠎ᠠ ᠶᠢᠨ 21 ᠍ ᠦ ᠡᠳᠦᠷ ᠦᠨ ︽ᠭᠡᠷᠡᠯ ᠦᠨ ᠤᠷᠲᠤ ᠰᠥᠨᠢ︾ ᠠᠷᠭ᠎ᠠ ᠬᠡᠮᠵᠢᠶᠡᠨ ᠳᠡᠭᠡᠷ᠎ᠡ ︽ᠨᠤᠷᠳ᠋- ᠠᠷᠲ 2019︾ ᠱᠠᠩᠨᠠᠯ ᠪᠣᠯᠤᠨ ᠦᠵᠡᠭᠴᠢᠳ ᠦᠨ ᠨᠡᠷᠡᠮᠵᠢᠲᠦ ᠱᠠᠩᠨᠠᠯ ᠤᠨ ᠡᠵᠡᠳ ᠢ ᠲᠣᠳᠣᠷᠠᠭᠤᠯᠵᠠᠢ᠃ ᠳᠡᠯᠡᠬᠡᠢ ᠶᠢᠨ 100 ᠭᠠᠷᠤᠢ ᠣᠷᠣᠨ ᠤ 3000 ᠭᠠᠷᠤᠢ ᠤᠷᠠᠨ ᠪᠦᠲᠦᠭᠡᠯᠴᠢᠳ ᠡᠴᠡ ᠰᠢᠯᠭᠠᠷᠠᠭᠰᠠᠨ 371 ᠤᠷᠠᠨ ᠪᠦᠲᠦᠭᠡᠯᠴᠢᠳ ᠡᠨᠡ ᠵᠢᠯ ᠦᠨ  ᠦᠵᠡᠰᠭᠦᠯᠡᠩ ᠍ ᠳᠦ ᠣᠷᠣᠯᠴᠠᠭᠰᠠᠨ ᠪᠥᠭᠡᠳ ᠮᠠᠨ ᠤ ᠤᠷᠠᠨ ᠪᠦᠲᠦᠭᠡᠯᠴᠢ᠂ ᠪᠠᠷᠢᠮᠠᠯᠴᠢ  ᠠᠶᠤᠷᠵᠠᠨ᠎ᠠ ᠶᠢᠨ ᠸᠴᠢᠷᠪᠤᠯᠤᠳ ︽  ᠳᠡᠭᠷᠡ︾ ᠨᠡᠷ᠎ᠡ ᠲᠡᠢ 21x17x3.2 ᠮᠧᠲ᠋ᠷ ᠬᠡᠮᠵᠢᠶ᠎ᠡ ᠲᠡᠢ ᠲᠡᠮᠦᠷ ᠪᠠᠷᠢᠮᠠᠯ ᠤᠨ ᠢᠨᠰᠲ᠋ᠣᠯᠢᠶᠠᠼ ᠪᠦᠲᠦᠭᠡᠯ ᠢᠶᠡᠷ ᠢᠶᠡᠨ ᠲᠤᠰ ᠦᠵᠡᠰᠬᠦᠯᠡᠩ ᠦᠨ ᠳᠡᠭᠡᠳᠦ ᠱᠠᠩᠨᠠᠯ ᠪᠣᠯᠬᠤ ︽ᠨᠤᠷᠳ᠋- ᠠᠷᠲ 2019︾  ᠱᠠᠩᠨᠠᠯ ᠤᠨ ᠡᠵᠡᠨ ᠢᠶᠡᠷ ᠲᠣᠳᠣᠷᠠᠵᠠᠢ᠃

ᠰᠡᠳᠬᠢᠭᠳᠡᠯ ᠦᠯᠡᠳᠡᠭᠡᠬᠦ