ᠡ᠊∙ᠴᠡᠨᠳᠦᠪᠠᠭᠠᠲᠤᠷ ᠮᠥᠩᠭᠥᠨ ᠮᠧᠳᠠᠯ ᠤᠨ ᠲᠥᠯᠥᠭᠡ ᠲᠤᠯᠤᠯᠳᠤᠨ᠎ᠠ | News.MN

ᠡ᠊∙ᠴᠡᠨᠳᠦᠪᠠᠭᠠᠲᠤᠷ ᠮᠥᠩᠭᠥᠨ ᠮᠧᠳᠠᠯ ᠤᠨ ᠲᠥᠯᠥᠭᠡ ᠲᠤᠯᠤᠯᠳᠤᠨ᠎ᠠ

ᠣᠷᠣᠰ ᠲᠤ ᠪᠣᠯᠵᠤ ᠪᠤᠢ ᠰᠣᠨᠢᠷᠬᠠᠭᠴᠢᠳ ᠤᠨ ᠪᠣᠺᠰ ᠤᠨ 20 ᠳ᠋ᠡᠬᠢ ᠤᠳᠠᠭ᠎ᠠ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ 57 ᠺᠢᠯᠦᠭᠷᠡᠮ ᠤᠨ ᠵᠢᠩ ᠳᠦ ᠬᠦᠴᠦ ᠦᠵᠡᠵᠦ ᠪᠤᠢ ᠠᠽᠢᠶ᠎ᠠ ᠶᠢᠨ ᠨᠠᠭᠠᠳᠤᠮ᠂ ᠠᠽᠢᠶ᠎ᠠ ᠲᠢᠪ ᠦᠨ 2019 ᠣᠨ ᠤ ᠠᠪᠤᠷᠭᠤ ᠡ᠊∙ᠴᠡᠨᠳᠦᠪᠠᠭᠠᠲᠤᠷ ᠭᠤᠷᠪᠠᠳᠤᠭᠠᠷ ᠲᠣᠭᠣᠷᠢᠭ ᠲᠤ ᠤᠩᠭᠠᠷᠢ ᠶᠢᠨ ᠪᠣᠺᠰᠴᠢᠨ ᠢ 5᠄0 ᠍ ᠢᠶᠡᠷ ᠢᠯᠠᠵᠤ᠂ ᠰᠢᠪᠦᠭᠡ ᠶᠢᠨ ᠨᠠᠢᠮᠠ ᠳᠤ ᠰᠢᠯᠭᠠᠷᠠᠵᠤ ᠂ ᠮᠧᠳᠠᠯ ᠤᠨ ᠲᠥᠯᠥᠭᠡ  ᠠᠶᠢᠷᠯᠠᠨᠳ᠋ ᠤᠨ ᠪᠣᠺᠰᠴᠢᠨ ᠲᠠᠢ ᠲᠤᠯᠤᠯᠳᠤᠵᠤ 5᠄0 ᠍ ᠢᠶᠡᠷ ᠢᠯᠡᠭᠦᠷᠬᠡᠨ ᠢᠯᠠᠵᠤ᠂ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠬᠦᠷᠡᠯ ᠮᠧᠳᠠᠯ ᠤᠨ ᠪᠣᠯᠵᠣᠯ ᠬᠠᠩᠭᠠᠭᠰᠠᠨ᠃
ᠮᠥᠩᠭᠥᠨ ᠮᠧᠳᠠᠯ ᠤᠨ ᠲᠥᠯᠦᠭᠡᠬᠢ ᠲᠣᠭᠯᠠᠯᠲᠠ ᠥᠨᠥᠳᠥᠷ ᠪᠣᠯᠤᠨ᠎ᠠ᠃ ᠲᠡᠷᠡᠪᠡᠷ᠂ ᠦᠽᠪᠧᠺᠢᠰᠲᠠᠨ ᠤ ᠲᠠᠮᠢᠷᠴᠢᠨ ᠲᠡᠢ ᠲᠤᠯᠤᠯᠳᠤᠬᠤ ᠪᠥᠭᠡᠳ ᠣᠷᠣᠢ ᠶᠢᠨ 19.00 ᠴᠠᠭ ᠠᠴᠠ ᠡᠬᠢᠯᠡᠬᠦ  ᠬᠤᠶᠠᠳᠠᠬᠢ ᠲᠣᠭᠯᠠᠯᠲᠠ ᠶᠤᠮ᠃

ᠰᠡᠳᠬᠢᠭᠳᠡᠯ ᠦᠯᠡᠳᠡᠭᠡᠬᠦ