ᠡᠨᠡᠳᠬᠡᠭ ᠦᠨ ᠠᠪᠤ ᠬᠦᠦ ᠳᠤ ︽ᠠᠯᠲᠠᠨ ᠭᠠᠳᠠᠰᠤ︾ ᠭᠠᠷᠳᠠᠭᠤᠯᠪᠠ | News.MN

ᠡᠨᠡᠳᠬᠡᠭ ᠦᠨ ᠠᠪᠤ ᠬᠦᠦ ᠳᠤ ︽ᠠᠯᠲᠠᠨ ᠭᠠᠳᠠᠰᠤ︾ ᠭᠠᠷᠳᠠᠭᠤᠯᠪᠠ

ᠠᠶᠢᠯᠴᠢᠯᠠᠯ ᠤᠨ ᠬᠥᠲᠥᠯᠪᠦᠷᠢ ᠶᠢᠨ ᠳᠠᠭᠠᠤ ᠶᠡᠷᠦᠩᠬᠡᠶᠢᠯᠡᠭᠴᠢ ᠬ∙ᠪᠠᠲᠤᠲᠤᠯᠭ᠎ᠠ ᠡᠨᠡᠳᠬᠡᠭ ᠦᠨ ᠤᠷᠠᠨ ᠪᠠᠷᠢᠮᠠᠯᠴᠢ ᠷᠠᠮ ᠰᠤᠲ᠋ᠠᠷ᠂ ᠠᠨᠢᠯ ᠰᠤᠲ᠋ᠠᠷ  ᠲᠤ  ︽ᠠᠯᠲᠠᠨ ᠭᠠᠳᠠᠰᠤ︾ ᠣᠳᠣᠨ ᠭᠠᠷᠳᠠᠭᠤᠯᠪᠠ᠃ ᠱᠠᠩᠨᠠᠯ ᠭᠠᠷᠳᠠᠭᠤᠯᠬᠤ ᠶᠣᠰᠣᠯᠠᠯ ᠳ᠋ᠸᠯᠢ ᠬᠣᠲᠠ ᠳ᠋ᠡᠬᠢ ᠮᠤᠩᠭᠤᠯ ᠤᠨ ᠡᠯᠴᠢᠨ ᠰᠠᠶᠢᠳ ᠤᠨ ᠶᠠᠮᠤᠨ ᠳᠦ ᠪᠣᠯᠤᠭᠰᠠᠨ ᠶᠤᠮ᠃ ᠡᠨᠡᠳᠬᠡᠭ ᠍ ᠤᠨ ᠵᠠᠰᠠᠭ ᠤᠨ ᠭᠠᠵᠠᠷ ᠠᠴᠠ ᠭᠠᠨᠳᠠᠨᠳᠡᠭᠴᠢᠯᠡᠨ ᠬᠡᠶᠢᠳ ᠲᠦ 5.8 ᠮᠧᠲ᠋ᠷ ᠦᠨ ᠥᠨᠳᠥᠷ ᠪᠤᠷᠬᠠᠨ ᠪᠠᠭᠰᠢ  ᠪᠣᠯᠤᠨ ᠬᠣᠶᠠᠷ ᠱᠠᠪᠢ ᠶᠢᠨ ᠬᠢᠨᠢ ᠰᠸᠷᠡᠭ ᠳᠦᠷᠢ ᠶᠢ ᠪᠡᠯᠡᠭᠯᠡᠭᠰᠡᠨ ᠶᠤᠮ᠃ 93 ᠨᠠᠰᠤᠲᠠᠢ ᠷᠠᠮ ᠰᠤᠲ᠋ᠠᠷ᠂  ᠬᠦᠦ ᠠᠨᠢᠯ ᠰᠤᠲ᠋ᠠᠷ  ᠤᠨ ᠬᠠᠮᠲᠤ ᠲᠡᠷᠡ ᠳᠦᠷᠢ ᠶᠢ ᠪᠦᠲᠦᠭᠡᠵᠡᠢ᠃ ᠪᠤᠷᠬᠠᠨ ᠪᠠᠭᠰᠢ ᠶᠢᠨ ᠰᠸᠷᠡᠭ ᠳᠦᠷᠢ ᠶᠢ ᠨᠡᠭᠡᠭᠡᠬᠦ ᠶᠣᠰᠣᠯᠠᠯ ᠥᠨᠥᠳᠥᠷ ᠤᠯᠠᠭᠠᠨᠪᠠᠭᠠᠲᠤᠷ᠂ ᠳ᠋ᠸᠯᠢ ᠬᠣᠲᠠ  ᠬᠤᠲᠠ ᠳᠤ ᠵᠡᠷᠭᠡ ᠪᠣᠯᠤᠭᠰᠠᠨ ᠭᠡᠬᠦ ᠳᠦ ᠪᠣᠯᠤᠨ᠎ᠠ᠃ ᠤᠴᠢᠷ ᠨᠢ ᠤᠯᠠᠭᠠᠨᠪᠠᠭᠠᠲᠤᠷ ᠲᠤ ᠪᠣᠯᠤᠭᠰᠠᠨ ᠶᠣᠰᠣᠯᠠᠯ ᠢ  ᠳ᠋ᠸᠯᠢ ᠳᠤ ᠰᠢᠭᠤᠳ ᠳᠠᠮᠵᠢᠭᠤᠯᠤᠨ᠂ ᠶᠡᠷᠦᠩᠬᠡᠶᠢᠯᠡᠭᠴᠢ ᠬ ∙ ᠪᠠᠲᠤᠲᠤᠯᠭ᠎ᠠ᠂ ᠡᠨᠡᠳᠬᠡᠭ ᠦᠨ ᠶᠡᠷᠦᠩᠬᠡᠢ ᠰᠠᠶᠢᠳ ᠮᠣᠳᠢ ᠬᠠᠮᠲᠤ ᠦᠵᠡᠯ᠎ᠡ᠃
︽ᠠᠯᠲᠠᠨ ᠭᠠᠳᠠᠰᠤ︾  ᠣᠳᠣᠨ ᠭᠠᠷᠳᠠᠭᠤᠯᠬᠤ ᠦᠶ᠎ᠡ ᠪᠡᠷ ᠡᠨᠡᠳᠬᠡᠭ ᠦᠨ Haranand books publications ᠬᠡᠪᠯᠡᠯ ᠦᠨ ᠭᠠᠵᠠᠷ ᠤᠨ ᠵᠠᠬᠢᠷᠤᠯ ᠨᠠᠷᠧᠨᠳ᠋ᠷᠠ ᠺᠦ᠋ᠮᠠᠷ ᠶᠡᠷᠦᠩᠬᠡᠶᠢᠯᠡᠭᠴᠢ ᠳᠦ  ︽ᠮᠢᠨᠦ ᠮᠡᠳᠡᠬᠦ ᠶᠡᠷᠦᠩᠬᠡᠶᠢᠯᠡᠭᠴᠢ ᠬ∙ᠪᠠᠲᠤᠲᠤᠯᠭ᠎ᠠ ︾ ᠨᠣᠮ ᠤᠨ ᠠᠩᠭᠯᠢ ᠣᠷᠴᠢᠭᠤᠯᠭ᠎ᠠ ᠶᠢ ᠪᠡᠯᠡᠭᠯᠡᠪᠡ᠃ ᠡᠨᠡ ᠨᠣᠮ ᠢ ᠵᠣᠬᠢᠶᠠᠯᠴᠢ ᠳ∙ ᠲᠦᠷᠦᠮᠦ᠋ᠩᠬᠡ ᠪᠢᠴᠢᠭᠰᠡᠨ ᠶᠤᠮ᠃

ᠰᠡᠳᠬᠢᠭᠳᠡᠯ ᠦᠯᠡᠳᠡᠭᠡᠬᠦ