ᠶᠠᠫᠣᠨ᠂ ᠰᠣᠯᠣᠩᠭᠣᠰ ᠲᠤ ᠨᠡᠭᠦᠷᠡᠰᠦ ᠪᠣᠷᠣᠯᠠᠭᠤᠯᠬᠤ ᠲᠠᠯ᠎ᠠ ᠪᠠᠷ ᠰᠠᠨᠠᠯ ᠰᠣᠯᠢᠯᠴᠠᠯ᠎ᠠ  | News.MN

ᠶᠠᠫᠣᠨ᠂ ᠰᠣᠯᠣᠩᠭᠣᠰ ᠲᠤ ᠨᠡᠭᠦᠷᠡᠰᠦ ᠪᠣᠷᠣᠯᠠᠭᠤᠯᠬᠤ ᠲᠠᠯ᠎ᠠ ᠪᠠᠷ ᠰᠠᠨᠠᠯ ᠰᠣᠯᠢᠯᠴᠠᠯ᠎ᠠ 

ᠤᠯᠤᠰ ᠤᠨ ᠶᠡᠬᠡ ᠬᠤᠷᠠᠯ ᠳ᠋ᠡᠬᠢ ᠮᠣᠩᠭᠣᠯ ᠶᠠᠫᠣᠨ ᠤ ᠫᠠᠷᠯᠠᠮᠧᠨᠲ ᠤᠨ ᠪᠦᠯᠦᠭ ᠦᠨ ᠬᠤᠷᠠᠯ ᠶᠠᠫᠣᠨ ᠤᠯᠤᠰ ᠤᠨ  ᠲᠤᠤᠺᠢᠤ᠋ ᠬᠤᠲᠠ ᠳᠤ ᠪᠣᠯᠵᠤ ᠪᠠᠶᠢᠨ᠎ᠠ᠃ ᠬᠤᠷᠠᠯᠳᠤᠭᠠᠨ ᠳᠤ ᠶᠠᠫᠣᠨ ᠮᠣᠩᠭᠣᠯ ᠤᠨ ᠫᠠᠷᠯᠠᠮᠧᠨᠲ ᠤᠨ ᠬᠣᠯᠪᠣᠭᠠᠨ ᠤ ᠳᠠᠷᠤᠭ᠎ᠠ ᠳ∙ᠰᠤᠮᠢᠶᠠᠪᠠᠽᠠᠷ᠂ ᠪᠦᠯᠦᠭ ᠦᠨ ᠭᠡᠰᠢᠭᠦᠳ ᠪᠣᠯᠤᠨ ᠪᠤᠰᠤᠳ  ᠬᠤᠯᠪᠤᠭᠳᠠᠬᠤ ᠠᠯᠪᠠᠨ ᠤ ᠬᠢᠨ ᠣᠷᠣᠯᠴᠠᠵᠤ ᠪᠠᠶᠢᠨ᠎ᠠ᠃  ᠳ∙ᠰᠤᠮᠢᠶᠠᠪᠠᠽᠠᠷ ᠥᠨᠥᠳᠥᠷ ︵09.19︶ ᠠᠯᠪᠠᠨ ᠤ ᠲᠥᠯᠥᠭᠡᠯᠡᠯ ᠦᠨ ᠬᠠᠮᠲᠤ ᠶᠠᠫᠣᠨ ᠤ ᠵᠠᠶᠢᠺᠠ ︵Japan International Cooperation Agency ︶ ᠣᠯᠠᠨ ᠤᠯᠤᠰ ᠤᠨ ᠪᠠᠶᠢᠭᠤᠯᠤᠯᠭ᠎ᠠ᠂ ᠶᠠᠫᠣᠨ ᠤ ᠣᠯᠠᠨ ᠤᠯᠤᠰ ᠤᠨ ᠬᠠᠮᠲᠤ ᠶᠢᠨ ᠠᠵᠢᠯᠯᠠᠭᠠᠨ ᠤ ᠪᠠᠩᠬᠢᠨ ᠤ  ᠲᠦᠯᠦᠭᠡᠯᠡᠯ ᠲᠡᠢ ᠠᠭᠤᠯᠵᠠᠵᠤ᠂ ᠲᠠᠪᠤᠨᠲᠣᠯᠣᠭᠠᠢ ᠶᠢᠨ ᠺᠣᠺᠰᠵᠢᠭᠰᠠᠨ ᠨᠡᠭᠦᠷᠡᠰᠦ ᠶᠢ ᠶᠠᠫᠣᠨ ᠳᠤ ᠡᠺᠰᠫᠣᠷᠲᠯᠠᠬᠤ ᠪᠣᠯᠤᠮᠵᠢ ᠶᠢᠨ ᠲᠠᠯ᠎ᠠ ᠪᠠᠷ ᠰᠠᠨᠠᠯ ᠰᠤᠯᠢᠯᠴᠠᠯ᠎ᠠ᠃ ᠶᠠᠫᠣᠨ ᠬᠣᠶᠠᠷ ᠤᠯᠤᠰ 2013 ᠣᠨ ᠠᠴᠠ ᠠᠭᠤᠯᠠ ᠠᠭᠤᠷᠬᠠᠢ ᠶᠢᠨ ᠰᠠᠯᠪᠤᠷᠢ ᠳᠤ ᠠᠵᠢᠯᠯᠠᠭᠰᠠᠳ ᠢ ᠴᠢᠳᠠᠪᠬᠢᠵᠢᠭᠤᠯᠬᠤ᠂ ᠠᠭᠤᠯᠠ ᠠᠭᠤᠷᠬᠠᠢ ᠪᠠ  ᠪᠠᠶᠢᠭᠠᠯᠢ ᠶᠢᠨ ᠨᠥᠭᠡᠴᠡ ᠶᠢᠨ ᠰᠠᠯᠪᠤᠷᠢ ᠶᠢᠨ ᠠᠵᠢᠯᠴᠢᠳ ᠤᠨ ᠴᠢᠳᠠᠪᠬᠢ ᠶᠢ ᠪᠡᠬᠢᠵᠢᠭᠦᠯᠬᠦ ᠲᠥᠰᠥᠯ ᠢ ᠬᠡᠷᠡᠭᠵᠢᠭᠦᠯᠵᠦ ᠢᠷᠡᠭᠰᠡᠨ᠃ ᠡᠨᠡ ᠲᠥᠰᠥᠯ ᠦᠨ ᠬᠤᠭᠤᠴᠠᠭ᠎ᠠ 2020 ᠣᠨ ᠳᠤ ᠳᠠᠭᠤᠰᠬᠠᠪᠤᠷᠢ ᠪᠣᠯᠬᠤ ᠶᠤᠮ᠃ ᠲᠡᠶᠢᠮᠦ ᠡᠴᠡ ᠢᠷᠡᠬᠦ ᠵᠢᠯ ᠵᠠᠶᠢᠺᠠ ᠣᠯᠠᠨ ᠤᠯᠤᠰ ᠤᠨ ᠪᠠᠶᠢᠭᠤᠯᠤᠯᠭ᠎ᠠ ᠲᠠᠢ ᠪᠠᠶᠢᠭᠤᠯᠤᠭᠰᠠᠨ ᠳᠡᠭᠡᠷᠡᠬᠢ ᠲᠥᠰᠥᠯ ᠦᠨ ᠬᠤᠭᠤᠴᠠᠭ᠎ᠠ ᠶᠢ ᠳᠠᠬᠢᠨ ᠰᠤᠩᠭᠠᠬᠤ ᠶᠢ ᠲᠠᠯ᠎ᠠ ᠨᠤᠭᠤᠳ ᠳᠡᠮᠵᠢᠵᠦ ᠪᠠᠶᠢᠭ᠎ᠠ ᠪᠠᠨ ᠢᠯᠡᠷᠬᠡᠶᠢᠯᠡᠯ᠎ᠡ᠃

ᠳ∙ᠰᠤᠮᠢᠶᠠᠪᠠᠽᠠᠷ ᠲᠠᠪᠤᠨᠲᠣᠯᠣᠭᠠᠢ ᠶᠢᠨ ᠺᠣᠺᠰᠵᠢᠭᠰᠠᠨ ᠨᠡᠭᠦᠷᠡᠰᠦ ᠶᠢ ᠢᠷᠡᠬᠦ ᠵᠢᠯ 60 ᠳ᠋ᠣᠯᠯᠠᠷ ᠢᠶᠠᠷ ᠪᠣᠷᠣᠯᠠᠭᠤᠯᠬᠤ ᠲᠥᠯᠥᠪᠯᠡᠭᠡ ᠲᠡᠢ ᠪᠠᠶᠢᠭ᠎ᠠ᠃ ᠬᠣᠶᠠᠷ ᠵᠢᠯ ᠦᠨ ᠳᠠᠷᠠᠭ᠎ᠠ ᠭᠡᠬᠦ ᠳᠦ ᠲᠠᠪᠤᠨᠲᠣᠯᠣᠭᠠᠢ

ᠺᠣᠮᠫᠠᠨᠢ 70 ᠰᠠᠶ᠎ᠠ ᠲᠣᠨ ᠨᠡᠭᠦᠷᠡᠰᠦ ᠪᠣᠷᠣᠯᠠᠭᠤᠯᠬᠤ ᠬᠡᠮᠵᠢᠶᠡᠨ ᠳᠦ ᠬᠦᠷᠬᠦ ᠡᠳ᠋ ᠍ ᠦᠨ ᠵᠠᠰᠠᠭ ᠤᠨ ᠲᠣᠭᠠᠴᠠᠭᠠᠯᠠᠯ ᠪᠤᠢ᠃ ᠲᠡᠶᠢᠮᠦ ᠡᠴᠡ ᠵᠠᠶᠢᠺᠠ ᠡᠨᠡ ᠰᠠᠯᠪᠤᠷᠢ ᠳᠤ ᠬᠥᠷᠥᠩᠭᠡ ᠣᠷᠣᠭᠤᠯᠬᠤ ᠶᠢ ᠬᠦᠰᠡᠭᠰᠡᠨ ᠶᠤᠮ᠃ ᠶᠠᠫᠣᠨ ᠤ ᠠᠯᠪᠠᠨ ᠤ ᠬᠢᠨ ᠲᠤᠰ ᠤᠯᠤᠰ ᠤᠨ ᠳᠣᠲᠣᠭᠠᠳᠤ ᠶᠢᠨ ᠠᠵᠤ ᠠᠬᠤᠢ ᠶᠢᠨ ᠨᠢᠭᠡᠴᠡ ᠺᠣᠮᠫᠠᠨᠢ ᠨᠤᠭᠤᠳ ᠮᠣᠩᠭᠣᠯ ᠤᠨ ᠠᠭᠤᠯᠠ ᠠᠭᠤᠷᠬᠠᠢ ᠶᠢᠨ ᠰᠠᠯᠪᠤᠷᠢ ᠳᠤ ᠬᠠᠮᠲᠤᠷᠠᠨ ᠠᠵᠢᠯᠯᠠᠬᠤ ᠨᠢ ᠨᠡᠮᠡᠭᠳᠡᠵᠦ ᠰᠢᠭᠤᠳ ᠣᠷᠣᠯᠴᠠᠭ᠎ᠠ ᠲᠠᠢ ᠪᠣᠯᠪᠠᠯ ᠮᠣᠩᠭᠣᠯ ᠤᠨ ᠠᠭᠤᠯᠠ ᠠᠭᠤᠷᠬᠠᠢ ᠶᠢᠨ ᠰᠠᠯᠪᠤᠷᠢ ᠳᠤ ᠲᠣᠮᠣᠬᠠᠨ ᠵᠡᠭᠡᠯᠢ ᠶᠢ ᠣᠯᠭᠣᠬᠤ ᠪᠣᠯᠤᠮᠵᠢ ᠲᠠᠢ ᠭᠡᠳᠡᠭ ᠢᠶᠡᠨ ᠬᠡᠯᠡᠵᠦ ᠪᠠᠶᠢᠨ᠎ᠠ᠃

ᠰᠡᠳᠬᠢᠭᠳᠡᠯ ᠦᠯᠡᠳᠡᠭᠡᠬᠦ