IFCN ᠠᠭᠤᠯᠵᠠᠯᠲᠠ ᠳᠤ ︽ᠰᠦ︾ ᠺᠤᠮᠫᠠᠨᠢ ᠣᠷᠣᠯᠴᠠᠵᠤ ᠪᠠᠶᠢᠨ᠎ᠠ  | News.MN

IFCN ᠠᠭᠤᠯᠵᠠᠯᠲᠠ ᠳᠤ ︽ᠰᠦ︾ ᠺᠤᠮᠫᠠᠨᠢ ᠣᠷᠣᠯᠴᠠᠵᠤ ᠪᠠᠶᠢᠨ᠎ᠠ 

ᠪᠦᠭᠦᠳᠡ ᠨᠠᠶᠢᠷᠠᠮᠳᠠᠬᠤ ᠴᠸᠬᠤ᠋ ᠤᠯᠤᠰ ᠤᠨ ᠪᠷᠨᠤ᠋ ᠬᠤᠲᠠ ᠳᠤ 9 ᠍ ᠳᠦᠭᠡᠷ ᠰᠠᠷ᠎ᠠ ᠶᠢᠨ 17-19 ᠍ ᠦ ᠬᠣᠭᠣᠷᠣᠨᠳᠣ ᠵᠣᠬᠢᠶᠠᠨ ᠪᠠᠶᠢᠭᠤᠯᠤᠭᠳᠠᠵᠤ ᠪᠤᠢ IFCN Supporter conference 2019 ᠦᠢᠯᠡ ᠠᠵᠢᠯᠯᠠᠭᠠᠨ ᠳᠤ ︽ᠰᠦ︾ ᠺᠤᠮᠫᠠᠨᠢ ᠶᠢᠨ ᠭᠦᠢᠴᠡᠳᠭᠡᠬᠦ ᠵᠠᠬᠢᠷᠤᠯ ᠮ∙ᠮᠠᠨᠳᠤᠬᠠᠢ ᠲᠡᠷᠢᠭᠦᠲᠡᠢ  ᠲᠦᠯᠦᠭᠡᠯᠡᠭᠴᠢᠳ ᠺᠣᠮᠫᠠᠨᠢ ᠪᠣᠯᠤᠨ ᠮᠣᠩᠭᠣᠯ ᠤᠯᠤᠰ ᠢᠶᠠᠨ ᠲᠥᠯᠥᠭᠡᠯᠡᠨ ᠣᠷᠣᠯᠴᠠᠵᠤ ᠪᠠᠶᠢᠨ᠎ᠠ ᠃ IFCN ᠴᠢᠭᠤᠯᠭ᠎ᠠ ᠠᠭᠤᠯᠵᠠᠯᠲᠠ ᠶᠢᠨ ᠬᠦᠷᠢᠶᠡᠨ ᠳᠦ ᠪᠢᠽᠢᠨᠧᠰ ᠡᠷᠬᠢᠯᠡᠭᠴᠢᠳ᠂ ᠮᠡᠷᠭᠡᠵᠢᠯᠲᠡᠳ ᠨᠢᠭᠡᠳᠴᠦ  ᠰᠦ ᠰᠦᠨ ᠪᠦᠲᠦᠭᠡᠭᠳᠡᠬᠦᠨ ᠦ ᠰᠠᠯᠪᠤᠷᠢ ᠶᠢᠨ ᠲᠤᠯᠭᠠᠮᠳᠠᠵᠤ ᠪᠤᠢ ᠠᠰᠠᠭᠤᠳᠠᠯ᠂ ᠪᠣᠯᠤᠮᠵᠢ ᠨᠤᠭᠤᠳ ᠢ ᠨᠡᠭᠡᠭᠡᠯᠲᠡ ᠲᠡᠢ ᠶᠠᠷᠢᠯᠴᠠᠵᠤ᠂ ᠵᠥᠪᠰᠢᠯᠴᠡᠵᠦ ᠪᠠᠶᠢᠭ᠎ᠠ ᠪᠠᠷ ᠢᠶᠠᠨ ᠣᠨᠴᠠᠯᠢᠭ ᠪᠥᠭᠡᠳ ᠮᠣᠩᠭᠣᠯ ᠤᠯᠤᠰ ᠢᠶᠠᠨ ᠲᠥᠯᠦᠭᠡᠯᠡᠵᠦ ᠪᠤᠢ ᠣᠷᠣᠯᠴᠠᠭᠴᠢᠳ ᠤᠯᠤᠰ ᠣᠷᠣᠨ ᠤ ᠰᠦᠨ ᠦ ᠰᠠᠯᠪᠤᠷᠢ ᠶᠢᠨ ᠲᠠᠯ᠎ᠠ ᠪᠠᠷ ᠢᠯᠡᠳᠬᠡᠯ ᠲᠠᠯᠪᠢᠵᠤ᠂ ᠣᠷᠣᠯᠴᠠᠭᠴᠢᠳ ᠲᠤ ᠮᠡᠳᠡᠭᠡᠯᠡᠯ ᠥᠭᠭᠦᠨ᠂ ᠬᠡᠯᠡᠯᠴᠡᠭᠦᠯᠭᠡ ᠥᠷᠨᠢᠭᠦᠯᠵᠦ ᠪᠠᠶᠢᠨ᠎ᠠ᠃
ᠡᠨᠡᠬᠦ ᠴᠢᠭᠤᠯᠭ᠎ᠠ ᠠᠭᠤᠯᠵᠠᠯᠲᠠ ᠶᠢᠨ ᠦᠷ᠎ᠡ ᠳ᠋ᠦᠩ ᠳᠦ ᠮᠣᠩᠭᠣᠯ ᠤᠯᠤᠰ ᠤᠨ ᠰᠦᠨ ᠦ ᠰᠠᠯᠪᠤᠷᠢ ᠶᠢ ᠬᠥᠭᠵᠢᠭᠦᠯᠬᠦ ᠪᠣᠯᠤᠮᠵᠢ ᠶᠢᠨ ᠲᠠᠯ᠎ᠠ ᠪᠠᠷ ᠣᠯᠠᠨ ᠤᠯᠤᠰ ᠤᠨ ᠰᠤᠳᠤᠯᠤᠭᠠᠴᠢ᠂ ᠮᠡᠷᠭᠡᠵᠢᠯᠲᠡᠨ ᠨᠦᠭᠦᠳ ᠲᠡᠢ ᠮᠡᠳᠡᠭᠡᠯᠡᠯ ᠰᠣᠯᠢᠯᠴᠠᠵᠤ᠂ ᠲᠤᠷᠰᠢᠯᠭ᠎ᠠ ᠰᠤᠳᠤᠯᠬᠤ ᠶᠢᠨ ᠵᠡᠷᠭᠡᠴᠡᠭᠡ ᠰᠦ ᠰᠦᠨ ᠪᠦᠲᠦᠭᠡᠭᠳᠡᠬᠦᠨ ᠦ ᠳᠡᠯᠡᠬᠡᠢ ᠶᠢᠨ ᠪᠷᠡᠨᠳ᠋᠂ ᠵᠠᠬ᠎ᠠ ᠵᠡᠭᠡᠯᠢ ᠶᠢᠨ ᠴᠢᠭ ᠬᠠᠨᠳᠤᠯᠭ᠎ᠠ᠂ ᠴᠢᠬᠤᠯᠠ ᠲᠣᠭᠠᠨ ᠮᠡᠳᠡᠭᠡᠯᠡᠯ ᠦᠳ ᠠᠪᠬᠤ ᠭᠡᠬᠦ ᠵᠡᠷᠭᠡ ᠣᠯᠠᠨ ᠲᠠᠯ᠎ᠠ ᠶᠢᠨ ᠠᠴᠢ ᠬᠣᠯᠪᠣᠭᠳᠠᠯ ᠲᠠᠢ ᠶᠤᠮ᠃

ᠰᠡᠳᠬᠢᠭᠳᠡᠯ ᠦᠯᠡᠳᠡᠭᠡᠬᠦ