ᠴᠢᠩᠭᠢᠰ ᠬᠣᠲᠠ ᠶᠢᠨ  ᠴᠡᠴᠡᠷᠯᠢᠭᠲᠦ  ᠬᠦᠷᠢᠶᠡᠯᠡᠩ ︽ᠠᠮᠢ︾ ᠣᠷᠣᠵᠤ ᠪᠠᠶᠢᠨ᠎ᠠ  | News.MN

ᠴᠢᠩᠭᠢᠰ ᠬᠣᠲᠠ ᠶᠢᠨ  ᠴᠡᠴᠡᠷᠯᠢᠭᠲᠦ  ᠬᠦᠷᠢᠶᠡᠯᠡᠩ ︽ᠠᠮᠢ︾ ᠣᠷᠣᠵᠤ ᠪᠠᠶᠢᠨ᠎ᠠ 

ᠬᠡᠨᠲᠡᠢ ᠠᠶᠢᠮᠠᠭ ᠤᠨ ᠴᠢᠩᠭᠢᠰ ᠬᠤᠲᠠ ᠳᠤ ᠪᠠᠶᠢᠷᠢᠯᠠᠬᠤ ᠴᠡᠴᠡᠷᠯᠢᠭᠲᠦ ᠬᠦᠷᠢᠶᠡᠯᠡᠩ ᠢ ᠵᠠᠰᠠᠪᠤᠷᠢᠯᠠᠨ ᠲᠣᠬᠢᠵᠢᠭᠤᠯᠵᠤ ᠪᠠᠶᠢᠨ᠎ᠠ᠃ ᠲᠣᠳᠣᠷᠠᠭᠤᠯᠪᠠᠯ᠂ ᠨᠠᠢᠮᠠᠨ ᠠᠪᠤᠷᠭᠤ ᠶᠢᠨ᠂ ᠡᠷ᠎ᠡ ᠶᠢᠨ ᠭᠤᠷᠪᠠᠨ ᠨᠠᠭᠠᠳᠤᠮ ᠤᠨ᠂ ᠲᠠᠩᠺ ᠲᠠᠢ ᠬᠥᠰᠢᠶ᠎ᠡ᠂ ᠠᠷᠠᠳ ᠤᠨ ᠬᠤᠪᠢᠰᠬᠠᠯ ᠤᠨ 50 ᠵᠢᠯ ᠦᠨ ᠣᠢ ᠶᠢᠨ ᠭᠡᠷᠡᠯᠲᠦ ᠬᠥᠰᠢᠶ᠎ᠡ ᠵᠡᠷᠭᠡ ᠶᠢ ᠥᠩᠭᠡ ᠶᠢ ᠨᠢ ᠰᠡᠷᠭᠦᠭᠡᠨ ᠵᠠᠰᠠᠪᠤᠷᠢᠯᠠᠵᠤ᠂ ᠶᠠᠪᠠᠭᠠᠨ ᠬᠦᠮᠦᠨ ᠦ ᠵᠠᠮ ᠢ ᠰᠢᠨᠡᠴᠢᠯᠡᠨ ᠲᠣᠬᠢᠵᠢᠭᠤᠯᠵᠤ ᠪᠠᠶᠢᠭ᠎ᠠ ᠠᠵᠢ᠃ ᠲᠠᠩᠺ ᠲᠠᠢ ᠬᠥᠰᠢᠭᠡᠨ ᠦ ᠳᠡᠷᠭᠡᠳᠡ ᠡᠨᠡ ᠵᠤᠨ ᠭᠣᠩᠭᠣᠷ ᠪᠠᠭᠠᠲᠤᠷ ᠤᠨ ᠬᠥᠰᠢᠶ᠎ᠡ ᠶᠢ ᠰᠢᠨ᠎ᠡ ᠪᠡᠷ ᠪᠦᠲᠦᠭᠡᠵᠦ᠂ ᠰᠡᠭᠦᠳᠡᠷᠡᠪᠴᠢ᠂ ᠰᠠᠨᠳᠠᠯᠢ᠂ ᠬᠣᠭ ᠤᠨ ᠰᠠᠪᠠ ᠵᠡᠷᠭᠡ ᠶᠢ ᠪᠠᠶᠢᠷᠢᠯᠠᠭᠤᠯᠤᠭᠠᠳ ᠪᠠᠶᠢᠨ᠎ᠠ᠃ ᠤᠭ  ᠴᠡᠴᠡᠷᠯᠢᠭᠲᠦ ᠬᠦᠷᠢᠶᠡᠯᠡᠩ ᠢ ᠴᠢᠨᠠᠭᠰᠢᠳᠠ ᠴᠤᠶᠢᠨᠤᠮ ᠤᠨ ᠬᠥᠰᠢᠶ᠎ᠡ ᠪᠦᠬᠦᠢ ᠭᠡᠷᠡᠯᠲᠦ ᠬᠦᠷᠢᠶᠡᠯᠡᠩ ᠰᠢᠭ ᠪᠣᠯᠭᠠᠬᠤ ᠪᠠᠷ ᠲᠥᠯᠥᠪᠯᠡᠵᠡᠢ᠃
ᠨᠣᠭᠣᠭᠠᠨ ᠪᠠᠶᠢᠭᠤᠯᠤᠮᠵᠢ ᠶᠢ ᠨᠡᠮᠡᠭᠳᠡᠭᠦᠯᠬᠦ᠂ ᠲᠥᠪ ᠬᠠᠭᠠᠨ ᠪᠠᠩᠬᠢᠨ ᠤ ᠳᠡᠷᠭᠡᠳᠡᠬᠢ ᠴᠡᠴᠡᠷᠯᠢᠭᠲᠦ ᠬᠦᠷᠢᠶᠡᠯᠡᠩ᠂ ᠬᠡᠷᠦᠯᠦᠨ ᠳᠥᠷᠪᠡᠳᠦᠭᠡᠷ ᠰᠤᠷᠭᠠᠭᠤᠯᠢ ᠶᠢᠨ ᠴᠡᠴᠡᠷᠯᠢᠭᠲᠦ ᠬᠦᠷᠢᠶᠡᠯᠡᠩ  ᠵᠡᠷᠭᠡ ᠶᠢ ᠵᠠᠰᠠᠪᠤᠷᠢᠯᠠᠨ ᠲᠣᠬᠢᠵᠢᠭᠤᠯᠵᠤ᠂ ᠢᠷᠡᠬᠦ ᠬᠠᠪᠤᠷ ᠠᠴᠠ ᠢᠷᠭᠡᠳ ᠴᠢᠯᠦᠭᠡᠲᠦ ᠴᠠᠭ ᠢᠶᠠᠨ ᠥᠩᠭᠡᠷᠡᠭᠦᠯᠬᠦ ᠳᠦ ᠪᠡᠯᠡᠨ ᠪᠣᠯᠭᠠᠬᠤ᠂ ᠮᠥᠨ  ᠠᠦ᠋ᠲ᠋ᠤᠪᠤᠰ ᠪᠠᠭᠤᠳᠠᠯ ᠤᠳ ᠢ ᠰᠢᠨ᠎ᠡ ᠪᠡᠷ ᠪᠠᠷᠢᠵᠤ ᠪᠠᠶᠢᠭᠤᠯᠬᠤ ᠪᠠᠷ ᠴᠢᠩᠭᠢᠰ ᠬᠣᠲᠠ ᠶᠢᠨ ᠬᠣᠲᠠ ᠶᠢᠨ ᠤᠳᠤᠷᠢᠳᠤᠯᠭ᠎ᠠ ᠨᠠᠷ ᠲᠥᠯᠥᠪᠯᠡᠵᠡᠢ᠃

ᠰᠡᠳᠬᠢᠭᠳᠡᠯ ᠦᠯᠡᠳᠡᠭᠡᠬᠦ