ᠪ∙ᠠᠮᠤᠷᠬᠦᠦ ᠪᠠᠷᠢᠭᠳᠠᠵᠠᠢ  | News.MN

ᠪ∙ᠠᠮᠤᠷᠬᠦᠦ ᠪᠠᠷᠢᠭᠳᠠᠵᠠᠢ 

ᠥᠩᠭᠡᠷᠡᠭᠰᠡᠨ ᠰᠥᠨᠢ ᠪᠤᠶᠤ 19-20 ᠍ ᠳᠦ ᠰᠢᠯᠵᠢᠬᠦ ᠰᠥᠨᠢ ᠳᠠᠭᠤᠴᠢᠨ ᠪ∙ᠠᠮᠤᠷᠬᠦᠦ ᠠᠦ᠋ᠲ᠋ᠤ᠋ ᠮᠠᠰᠢᠨ ᠳᠤ ᠪᠠᠨ ᠬᠠᠷ᠎ᠠ ᠲᠠᠮᠠᠬᠢ ᠬᠡᠷᠡᠭᠯᠡᠵᠦ ᠪᠠᠶᠢᠭᠠᠳ ᠪᠠᠷᠢᠭᠳᠠᠵᠠᠢ᠃ ᠲᠣᠳᠣᠷᠠᠭᠤᠯᠪᠠᠯ᠂  ᠲᠡᠷᠡ ᠪᠡᠷ ᠨᠢᠭᠡᠨ ᠵᠣᠴᠢᠳ ᠪᠠᠭᠤᠳᠠᠯ ᠤᠨ ᠭᠠᠳᠠᠭ᠎ᠠ ᠮᠠᠰᠢᠨ ᠳᠣᠲᠣᠷ᠎ᠠ ᠪᠠᠨ ᠬᠠᠷ᠎ᠠ ᠲᠠᠮᠠᠬᠢ ᠬᠡᠷᠡᠭᠯᠡᠵᠦ ᠪᠠᠶᠢᠭᠰᠠᠨ ᠢ ᠴᠠᠭᠳᠠᠭ᠎ᠠ ᠨᠠᠷ ᠢᠯᠡᠷᠡᠭᠦᠯᠵᠦ᠂ ᠭᠡᠷ ᠢ ᠨᠢ ᠨᠡᠩᠵᠢᠭᠰᠡᠨ ᠪᠠᠶᠢᠨ᠎ᠠ᠃ ᠡᠨᠡ ᠲᠠᠯ᠎ᠠ ᠪᠠᠷ ᠠᠯᠪᠠᠨ ᠤ ᠬᠦᠮᠦᠨ ᠡᠴᠡ ᠲᠣᠳᠣᠷᠠᠭᠤᠯᠬᠤ ᠳᠤ ᠦᠨᠡᠨ ᠭᠡᠰᠡᠨ ᠮᠡᠳᠡᠭᠡᠯᠡᠯ ᠥᠭᠭᠦᠯ᠎ᠡ᠃ ᠲᠡᠭᠦᠨ ᠢ ᠴᠠᠭᠳᠠᠨ ᠬᠤᠷᠢᠬᠤ 461 ᠳᠦᠭᠡᠷ ᠠᠩᠭᠢ ᠳᠤ ᠬᠣᠷᠢᠵᠤ ᠪᠠᠶᠢᠭ᠎ᠠ ᠠᠵᠠᠢ ᠃

ᠰᠡᠭᠦᠯ ᠦᠨ ᠦᠶ᠎ᠡ ᠳᠦ ᠤᠷᠠᠯᠢᠭ ᠰᠤᠶᠤᠯ ᠤᠨ ᠣᠳᠣ ᠨᠤᠭᠤᠳ ᠬᠠᠷ᠎ᠠ ᠲᠠᠮᠠᠬᠢᠨ ᠤ ᠬᠡᠷᠡᠭ ᠲᠦ ᠶᠡᠬᠡ ᠪᠡᠷ ᠬᠣᠯᠪᠣᠭᠳᠠᠵᠤ᠂ ᠰᠢᠳᠬᠡᠭᠦᠯᠬᠦ ᠪᠣᠯᠵᠠᠢ ᠃ ᠠᠶᠢᠰ ᠲᠣᠫ ᠬᠠᠮᠲᠤᠯᠢᠭ ᠤᠨ ᠰ∙ᠴᠢᠯᠠᠭᠤᠨᠪᠠᠭᠠᠲᠤᠷ᠂ ᠳᠠᠭᠤᠴᠢᠨ ᠡᠭᠡᠰᠢᠭᠯᠡᠨ ᠪᠤᠶᠤ ᠲ∙ᠪᠣᠯᠣᠷᠲᠤᠶᠠᠭ᠎ᠠ ᠪᠣᠯᠤᠨ Guys᠂ A-capella ᠵᠡᠷᠭᠡ ᠬᠠᠮᠲᠤᠯᠢᠭ ᠤᠨ ᠳᠠᠭᠤᠴᠢᠳ ᠭᠡᠳ ᠬᠠᠷ᠎ᠠ ᠲᠠᠮᠠᠬᠢᠨ ᠳᠤ ᠬᠣᠯᠪᠣᠭᠳᠠᠭᠰᠠᠨ ᠤᠷᠠᠯᠢᠭ ᠰᠤᠶᠤᠯ ᠤᠨ ᠬᠢᠨ ᠤ ᠴᠤᠪᠤᠭ᠎ᠠ ᠬᠥᠪᠥᠷᠡᠨ᠎ᠡ᠃

ᠢᠩᠭᠢᠭᠡᠳ ᠵᠣᠭᠰᠣᠬᠤ ᠦᠭᠡᠢ ᠰᠫᠣᠷᠲ ᠤᠨ ᠬᠢᠨ ᠠᠴᠠ ᠤᠯᠤᠰ ᠤᠨ ᠨᠠᠴᠢᠨ ᠼ∙ᠤᠯᠠᠭᠠᠨᠬᠦᠦ ᠮᠥᠨ ᠬᠣᠯᠪᠣᠭᠳᠠᠵᠤ᠂ 11 ᠵᠢᠯ ᠦᠨ ᠶᠠᠯ᠎ᠠ ᠰᠣᠨᠣᠰᠤᠭᠰᠠᠨ ᠶᠤᠮ᠃ ᠡᠳᠡᠭᠡᠷ ᠣᠯᠠᠨ ᠤ ᠲᠠᠨᠢᠯ ᠡᠷᠬᠢᠮ ᠦᠳ ᠢ ᠥᠰᠪᠦᠷᠢ ᠨᠠᠰᠤᠨ ᠤ ᠬᠡᠦᠬᠡᠳ᠂ ᠵᠠᠯᠠᠭᠤᠰ ᠳᠠᠭᠠᠨ ᠳᠠᠭᠤᠷᠢᠶᠠᠬᠤ ᠨᠢ ᠡᠯᠪᠡᠭ᠃ ᠭᠡᠪᠡᠴᠦ ᠲᠡᠳᠡ ᠡᠶᠢᠨ ᠮᠠᠭᠤ ᠦᠯᠢᠭᠡᠷ ᠳᠠᠭᠤᠷᠢᠶᠠᠯ ᠦᠵᠡᠭᠦᠯᠵᠦ ᠪᠤᠢ ᠨᠢ ᠬᠠᠷᠠᠮᠰᠠᠯᠲᠠᠢ᠃

ᠰᠡᠳᠬᠢᠭᠳᠡᠯ ᠦᠯᠡᠳᠡᠭᠡᠬᠦ