︽ᠬᠥᠬᠡ ᠲᠠᠪᠢᠯᠠᠩ︾ ᠣᠯᠠᠨ ᠤᠯᠤᠰ ᠤᠨ ᠨᠠᠭᠠᠳᠤᠮ ᠳᠤ ᠰᠢᠯᠭᠠᠷᠠᠵᠠᠢ  | News.MN

 ︽ᠬᠥᠬᠡ ᠲᠠᠪᠢᠯᠠᠩ︾ ᠣᠯᠠᠨ ᠤᠯᠤᠰ ᠤᠨ ᠨᠠᠭᠠᠳᠤᠮ ᠳᠤ ᠰᠢᠯᠭᠠᠷᠠᠵᠠᠢ 

ᠲᠥᠷᠥ ᠶᠢᠨ ᠱᠠᠩᠨᠠᠯᠲᠤ ᠵᠣᠬᠢᠶᠠᠯᠴᠢ ᠳ∙ᠨᠣᠷᠪᠤ ᠶᠢᠨ ︽ᠬᠥᠬᠡ ᠲᠠᠪᠢᠯᠠᠩ︾ ᠲᠤᠭᠤᠵᠢ ᠠᠴᠠ ᠰᠡᠳᠦᠪᠯᠡᠨ ᠪᠦᠲᠦᠭᠡᠭᠰᠡᠨ ︽ᠬᠥᠬᠡ ᠲᠠᠪᠢᠯᠠᠩ︾ ᠤᠷᠠᠨ ᠰᠠᠶᠢᠬᠠᠨ ᠤ ᠺᠢᠨᠣ᠋ 41 ᠳ᠋ᠡᠬᠢ ᠤᠳᠠᠭ᠎ᠠ ᠶᠢᠨ ᠹᠯᠣᠷᠧᠨᠼ ᠤᠨ  ︽ᠣᠯᠠᠨ ᠤᠯᠤᠰ ᠤᠨ ᠡᠮᠡᠭᠲᠡᠢ ᠺᠢᠨᠣ᠋ ᠤᠷᠠᠨ ᠪᠦᠲᠦᠭᠡᠯᠴᠢᠳ ᠦᠨ ᠨᠠᠭᠠᠳᠤᠮ ︾ ᠍ ᠳᠦ ᠠᠯᠪᠠᠨ ᠶᠣᠰᠣᠭᠠᠷ ᠰᠢᠯᠭᠠᠷᠠᠵᠠᠢ᠃ ᠨᠠᠶᠢᠷᠠᠭᠤᠯᠤᠭᠴᠢ ᠲ∙ᠠᠯᠲᠠᠨᠲᠤᠶᠠᠭ᠎ᠠ ᠬᠠᠨᠢ ᠸ∙ᠠᠭᠠᠷᠤ ᠲᠠᠢ ᠪᠠᠨ ᠬᠠᠮᠲᠤᠷᠠᠨ  ︽ᠬᠥᠬᠡ ᠲᠠᠪᠢᠯᠠᠩ ︾ ᠤᠷᠠᠨ ᠰᠠᠶᠢᠬᠠᠨ ᠤ ᠺᠢᠨᠣ᠋ ᠪᠦᠲᠦᠭᠡᠵᠦ᠂ ᠭᠣᠣᠯ ᠳᠦᠷᠢ ᠳᠦ ᠨᠢ ᠮᠢᠰᠰ ᠠ᠊∙ᠪᠠᠶᠠᠷᠴᠡᠴᠡᠭ ᠪᠠᠳᠮᠴᠡᠴᠡᠭ ᠭᠡᠬᠦ ᠪᠦᠰᠡᠭᠦᠢ ᠶᠢᠨ ᠳᠦᠷᠢ ᠳᠦ ᠲᠣᠭᠯᠠᠭᠰᠠᠨ ᠶᠤᠮ᠃ ᠺᠢᠨᠣᠨ ᠤ ᠶᠡᠷᠦᠩᠬᠡᠢ ᠵᠢᠷᠤᠭᠯᠠᠭᠠᠴᠢ ᠪᠠᠷ ᠡ᠊∙ᠤᠴᠢᠭᠡᠷᠡᠯ᠂ ᠶᠡᠷᠦᠩᠬᠡᠢ ᠵᠢᠷᠤᠭᠠᠴᠢ ᠪᠠᠷ ᠳ∙ᠪᠠᠲᠤᠪᠢᠯᠢᠭ᠌᠂ ᠳᠠᠭᠤᠨ ᠤ ᠨᠠᠶᠢᠷᠠᠭᠤᠯᠤᠭᠴᠢ ᠪᠠᠷ ᠣ᠊∙ᠴᠡᠭᠮᠢᠳ᠂ ᠬᠥᠭᠵᠢᠮ ᠦᠨ ᠵᠣᠬᠢᠶᠠᠯᠴᠢ ᠪᠠᠷ ᠳ∙ᠡᠷᠳᠡᠨᠢᠪᠠᠲᠤ ᠨᠠᠷ ᠠᠵᠢᠯᠯᠠᠵᠤ᠂ ᠭᠣᠪᠢ-ᠠᠯᠲᠠᠢ ᠠᠶᠢᠮᠠᠭ ᠤᠨ ᠴᠣᠭᠲᠤ ᠰᠤᠮᠤ ᠶᠢᠨ ᠡᠵᠢ ᠬᠠᠶᠢᠷᠬᠠᠨ ᠠᠭᠤᠯᠠᠨ ᠳᠤ ᠵᠢᠷᠤᠭ ᠢ ᠠᠪᠤᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ