ᠤᠯᠠᠮᠵᠢᠯᠠᠯᠲᠤ ᠮᠡᠳᠡᠯᠭᠡ ᠳᠡᠯᠡᠬᠡᠢ ᠳᠦ ᠦᠨᠡᠯᠡᠭᠳᠡᠵᠦ ᠪᠠᠶᠢᠨ᠎ᠠ  | News.MN

ᠤᠯᠠᠮᠵᠢᠯᠠᠯᠲᠤ ᠮᠡᠳᠡᠯᠭᠡ ᠳᠡᠯᠡᠬᠡᠢ ᠳᠦ ᠦᠨᠡᠯᠡᠭᠳᠡᠵᠦ ᠪᠠᠶᠢᠨ᠎ᠠ 

ᠶᠠᠫᠣᠨ ᠤᠯᠤᠰ ᠤᠨ ᠰᠢᠨᠵᠢᠯᠡᠬᠦ ᠤᠬᠠᠭᠠᠨ᠂ ᠲᠧᠭᠨᠣᠯᠣᠭᠢ ᠶᠢᠨ ᠠᠭᠧᠨᠲᠯᠢᠭ ︵JST᠂ Japan Science and Technology Agency︶᠍ ᠠᠴᠠ ᠬᠡᠷᠡᠭᠵᠢᠭᠦᠯᠳᠡᠭ САТРЕПС  ︵SATREPS᠂ Science and Technology Research Partnership for Sustainaible Development︶ ᠬᠥᠲᠥᠯᠪᠦᠷᠢ ᠳᠦ ᠮᠣᠩᠭᠣᠯ ᠤᠯᠤᠰ ᠤᠨ ᠶᠡᠬᠡ ᠰᠤᠷᠭᠠᠭᠤᠯᠢ ᠦᠨ ᠫᠷᠣᠹᠧᠰᠰᠣᠷ ᠵ∙ᠪᠠᠲᠤᠬᠦᠦ᠂ ᠲᠤᠤᠺᠢᠤ᠋ ᠶᠢᠨ ᠶᠡᠬᠡ ᠰᠤᠷᠭᠠᠭᠤᠯᠢ ᠶᠢᠨ ᠫᠷᠣᠹᠧᠰᠰᠣᠷ ᠲ∙ᠠᠰᠠᠮᠢ ᠨᠠᠷ ᠤᠨ ᠬᠠᠮᠲᠤᠷᠠᠨ ᠳᠡᠪᠰᠢᠭᠦᠯᠦᠭᠰᠡᠨ ︽ᠨᠡᠭᠦᠳᠡᠯᠴᠢᠨ ᠮᠣᠩᠭᠣᠯᠴᠤᠳ ᠤᠨ ᠤᠯᠠᠮᠵᠢᠯᠠᠯᠲᠤ ᠮᠡᠳᠡᠯᠭᠡ ᠳᠦ ᠲᠤᠯᠭᠠᠭᠤᠷᠢᠯᠠᠨ ᠪᠡᠯᠴᠢᠭᠡᠷ ᠦᠨ ᠲᠡᠵᠢᠭᠡᠯ ᠦᠨ ᠵᠡᠷᠯᠢᠭ ᠤᠷᠭᠤᠮᠠᠯ ᠢ ᠵᠦᠢ ᠵᠣᠬᠢᠰᠲᠠᠢ ᠠᠰᠢᠭᠯᠠᠬᠤ ᠨᠢ︾ ᠲᠥᠰᠥᠯ ᠰᠢᠯᠭᠠᠷᠠᠭᠰᠠᠨ ᠶᠤᠮ᠃
САТРЕПС ᠬᠥᠲᠥᠯᠪᠦᠷᠢ ᠨᠢ ᠳᠡᠯᠡᠬᠡᠢ ᠳᠠᠶᠠᠭᠠᠷ ᠨᠡᠭᠡᠭᠡᠯᠲᠡ ᠲᠡᠢ ᠵᠠᠷᠯᠠᠭᠳᠠᠳᠠᠭ᠂ ᠥᠷᠢᠰᠦᠯᠳᠡᠭᠡᠨ ᠶᠡᠬᠡ ᠲᠡᠢ ᠬᠥᠲᠥᠯᠪᠦᠷᠢ ᠶᠤᠮ᠃ ᠪᠢᠣᠯᠣᠭᠢ ᠶᠢᠨ ᠨᠥᠭᠡᠴᠡ ᠴᠢᠭᠯᠡᠯ ᠳᠦ 42 ᠲᠥᠰᠥᠯ ᠦᠨ ᠮᠠᠲ᠋ᠧᠷᠢᠶᠠᠯ ᠢᠷᠡᠵᠦ᠂ ᠭᠤᠷᠪᠠᠨ ᠲᠥᠰᠥᠯ ᠰᠢᠯᠭᠠᠷᠠᠭᠰᠠᠨ ᠤ ᠨᠢᠭᠡ ᠨᠢ ᠡᠨᠡ ᠲᠥᠰᠥᠯ ᠶᠤᠮ᠃ САТРЕПС ᠬᠥᠲᠥᠯᠪᠦᠷᠢ ᠶᠢᠨ ᠭᠣᠣᠯ ᠵᠣᠷᠢᠯᠭ᠎ᠠ ᠨᠢ ᠬᠦᠷᠢᠶᠡᠯᠡᠨ ᠪᠤᠢ ᠣᠷᠴᠢᠨ᠂ ᠡᠷᠴᠢᠮ ᠬᠦᠴᠦ᠂ ᠪᠢᠣᠯᠣᠭᠢ ᠶᠢᠨ ᠨᠥᠭᠡᠴᠡ᠂ ᠪᠠᠶᠢᠭᠠᠯᠢ ᠶᠢᠨ ᠭᠠᠮᠰᠢᠭ᠂ ᠬᠠᠯᠳᠠᠪᠤᠷᠢᠲᠤ ᠡᠪᠡᠳᠴᠢᠨ ᠵᠡᠷᠭᠡ ᠬᠦᠮᠦᠨ ᠲᠥᠷᠥᠯᠬᠢᠲᠡᠨ ᠦ ᠡᠮᠦᠨ᠎ᠡ ᠲᠤᠯᠭᠠᠷᠠᠵᠤ ᠪᠤᠢ ᠭᠯᠦᠪᠡᠯ ᠠᠰᠠᠭᠤᠳᠠᠯ ᠤᠳ ᠢ ᠰᠢᠢᠳᠬᠦ ᠳᠦ ᠲᠤᠰᠠ ᠳᠡᠮ ᠪᠣᠯᠬᠤᠶᠢᠴᠠ ᠰᠢᠨ᠎ᠡ ᠮᠡᠳᠡᠯᠭᠡ ᠪᠦᠲᠦᠭᠡᠬᠦ ᠲᠡᠳᠦᠢ ᠦᠭᠡᠢ᠂ ᠲᠡᠭᠦᠨ ᠢᠶᠡᠨ ᠨᠡᠶᠢᠭᠡᠮ ᠤᠨ ᠠᠮᠢᠳᠤᠷᠠᠯ ᠳᠤ ᠬᠡᠷᠡᠭᠵᠢᠭᠦᠯᠬᠦ ᠶᠠᠪᠤᠳᠠᠯ ᠶᠤᠮ᠃ ᠮᠣᠩᠭᠣᠯ ᠤᠯᠤᠰ ᠲᠤ ᠬᠡᠷᠡᠭᠵᠢᠬᠦ ᠳᠡᠭᠡᠷᠡᠬᠢ ᠲᠥᠰᠥᠯ  ᠢᠶᠡᠷ ᠨᠡᠭᠦᠳᠡᠯᠴᠢᠨ ᠮᠣᠩᠭᠣᠯᠴᠤᠳ ᠤᠨ ᠤᠯᠠᠮᠵᠢᠯᠠᠯᠲᠤ ᠮᠡᠳᠡᠯᠭᠡ᠂ ᠰᠢᠨᠵᠢᠯᠡᠬᠦ ᠤᠬᠠᠭᠠᠨ ᠤ ᠰᠤᠳᠤᠯᠭᠠᠨ ᠳᠤ ᠦᠨᠳᠦᠰᠦᠯᠡᠨ ᠭᠠᠩ ᠂ ᠬᠠᠯᠠᠭᠤᠨ᠂ ᠬᠦᠢᠲᠡᠨ᠂ ᠨᠠᠷᠠᠨ ᠤ ᠬᠤᠷᠴᠠ ᠭᠡᠷᠡᠯ᠂ ᠳᠠᠪᠤᠰᠤᠷᠬᠠᠭ ᠪᠣᠯᠤᠨ ᠦᠷᠡᠵᠢᠯ ᠰᠢᠮ᠎ᠡ ᠪᠠᠭ᠎ᠠ ᠲᠠᠢ ᠬᠥᠷᠥᠰᠥ ᠵᠡᠷᠭᠡ ᠭᠠᠳᠠᠭᠠᠳᠤ ᠣᠷᠴᠢᠨ ᠤ ᠲᠠᠭ᠎ᠠ ᠦᠭᠡᠢ ᠨᠥᠬᠥᠴᠡᠯ ᠳᠦ ᠲᠡᠰᠪᠦᠷᠢᠲᠡᠢ᠂ ᠥᠰᠦᠯᠲᠡ ᠬᠥᠭᠵᠢᠯᠲᠡ ᠨᠢ ᠬᠤᠷᠳᠤᠨ ᠪᠣᠯᠤᠨ ᠮᠠᠯ ᠤᠨ ᠡᠷᠡᠭᠦᠯ ᠮᠡᠨᠳᠦ ᠳᠦ ᠬᠡᠷᠡᠭᠲᠡᠢ ᠪᠡᠯᠴᠢᠭᠡᠷ ᠦᠨ ᠲᠡᠵᠢᠭᠡᠯ ᠦᠨ ᠵᠡᠷᠯᠢᠭ ᠤᠷᠭᠤᠮᠠᠯ ᠢ ᠰᠣᠩᠭᠣᠨ ᠠᠪᠴᠤ᠂ ᠲᠡᠳᠡᠭᠡᠷ ᠴᠢᠨᠠᠷ ᠢ ᠨᠢ ᠨᠥᠬᠦᠴᠡᠯᠳᠦᠭᠦᠯᠦᠭᠴᠢ ᠭᠧᠨ᠂ ᠡᠮᠲᠦ ᠪᠣᠳᠠᠰ ᠢ ᠨᠢ ᠣᠯᠵᠤ ᠲᠣᠭᠲᠠᠭᠠᠬᠤ᠂ ᠤᠯᠠᠮ ᠢᠶᠠᠷ ᠪᠡᠯᠴᠢᠭᠡᠷ ᠦᠨ ᠨᠥᠬᠥᠨ ᠰᠡᠷᠭᠦᠭᠡᠯᠲᠡ᠂ ᠮᠠᠯ ᠤᠨ ᠡᠮᠨᠡᠯᠭᠡ ᠶᠢᠨ ᠫᠷᠠᠺᠲ᠋ᠢᠭ ᠵᠡᠷᠭᠡ ᠳᠦ ᠨᠡᠪᠲᠡᠷᠡᠭᠦᠯᠬᠦ ᠶᠠᠪᠤᠳᠠᠯ ᠶᠤᠮ᠃

ᠰᠡᠳᠬᠢᠭᠳᠡᠯ ᠦᠯᠡᠳᠡᠭᠡᠬᠦ