ᠮᠣᠩᠭᠣᠯ ᠤᠯᠤᠰ ᠳ᠋ᠢᠵᠢᠲ᠋ᠠᠯ ᠰᠢᠯᠵᠢᠯᠲᠡ ᠳᠦ ᠪᠡᠯᠡᠨ ᠦᠦ | News.MN

 ᠮᠣᠩᠭᠣᠯ ᠤᠯᠤᠰ ᠳ᠋ᠢᠵᠢᠲ᠋ᠠᠯ ᠰᠢᠯᠵᠢᠯᠲᠡ ᠳᠦ ᠪᠡᠯᠡᠨ ᠦᠦ

ᠣᠺᠰᠹᠣᠷᠳ᠋ ᠤᠨ ᠶᠡᠬᠡ ᠰᠤᠷᠭᠠᠭᠤᠯᠢ᠂ Bill Gates ᠰᠠᠩ ᠬᠠᠮᠲᠤᠷᠠᠵᠤ᠂ ᠮᠧᠯᠢᠨᠳᠠ ᠭᠸᠢᠢᠲ᠋ᠢᠰ  ᠢᠶᠠᠷ ᠤᠳᠤᠷᠢᠳᠤᠭᠤᠯᠤᠭᠰᠠᠨ ᠲᠧᠭᠨᠣᠯᠣᠭᠢ ᠪᠠ ᠬᠦᠷᠲᠡᠭᠡᠮᠵᠢᠲᠡᠢ ᠬᠥᠭᠵᠢᠯ ᠦᠨ ᠲᠥᠯᠦᠭᠡᠬᠢ ︽ᠲᠧᠭᠨᠣᠯᠣᠭᠢ ᠶᠢᠨ ᠬᠥᠭᠵᠢᠯ ᠦᠨ ᠺᠣᠮᠢᠰ︾ ᠢ ᠪᠠᠶᠢᠭᠤᠯᠤᠨ ᠠᠵᠢᠯᠯᠠᠵᠤ ᠪᠠᠶᠢᠭ᠎ᠠ ᠪᠢᠯᠡ᠃ ᠲᠤᠰ ᠺᠣᠮᠢᠰ ᠨᠢ ᠭᠤᠷᠪᠠᠨ ᠣᠷᠣᠨ ᠢ ᠵᠢᠱᠢᠭ ᠪᠣᠯᠭᠠᠨ ᠰᠣᠩᠭᠣᠵᠤ᠂ ᠲᠧᠭᠨᠣᠯᠣᠭᠢ ᠶᠢᠨ ᠪᠡᠯᠡᠨ ᠪᠠᠶᠢᠳᠠᠯ᠂ ᠬᠥᠭᠵᠢᠯ ᠦᠨ ᠰᠲᠷᠠᠲ᠋ᠧᠭᠢ ᠪᠣᠯᠪᠠᠰᠤᠷᠠᠭᠤᠯᠬᠤ ᠲᠥᠰᠥᠯ ᠢ ᠬᠡᠷᠡᠭᠵᠢᠭᠦᠯᠵᠦ ᠪᠠᠶᠢᠭ᠎ᠠ ᠶᠢᠨ ᠨᠢᠭᠡ ᠨᠢ ᠮᠣᠩᠭᠣᠯ ᠤᠯᠤᠰ ᠶᠤᠮ᠃ ᠤᠭ ᠲᠥᠰᠥᠯ ᠢ 2019 ᠣᠨ ᠤ ᠳᠥᠷᠪᠡᠳᠦᠭᠡᠷ ᠰᠠᠷ᠎ᠠ ᠠᠴᠠ ᠡᠬᠢᠯᠡᠨ ᠬᠡᠷᠡᠭᠵᠢᠭᠦᠯᠵᠦ ᠂ ᠮᠣᠩᠭᠣᠯ ᠤᠯᠤᠰ ᠤᠨ ᠳ᠋ᠢᠵᠢᠲ᠋ᠠᠯ ᠪᠡᠯᠡᠨ ᠪᠠᠶᠢᠳᠠᠯ ᠤᠨ ᠦᠨᠡᠯᠡᠭᠡ ᠶᠢ ᠬᠢᠵᠦ᠂ ᠴᠢᠨᠠᠭᠰᠢᠳᠠ ᠪᠠᠷᠢᠮᠲᠠᠯᠠᠬᠤ ᠰᠲᠷᠠᠲ᠋ᠧᠭᠢ ᠶᠢᠨ ᠵᠥᠪᠯᠡᠮᠵᠢ ᠶᠢ ᠪᠣᠯᠪᠠᠰᠤᠷᠠᠭᠤᠯᠬᠤ ᠶᠤᠮ᠃
ᠥᠨᠥᠳᠥᠷ ︵2019.09.17︶ ᠲᠥᠰᠥᠯ ᠦᠨ ᠰᠤᠳᠤᠯᠭᠠᠨ ᠤ ᠦᠷ᠎ᠡ ᠳ᠋ᠦᠩ ᠢ ᠲᠠᠨᠢᠯᠴᠠᠭᠤᠯᠬᠤ᠂ ᠴᠢᠨᠠᠭᠰᠢᠳᠠ ᠪᠠᠷᠢᠮᠲᠠᠯᠠᠬᠤ ᠰᠲᠷᠠᠲ᠋ᠧᠭᠢ ᠶᠢᠨ ᠲᠠᠯ᠎ᠠ ᠪᠠᠷ ᠭᠠᠳᠠᠭᠠᠳᠤ ᠳᠣᠲᠣᠭᠠᠳᠤ ᠶᠢᠨ ᠲᠥᠯᠥᠭᠡᠯᠡᠭᠴᠢᠳ᠂ ᠲᠥᠷᠥ ᠶᠢᠨ ᠪᠣᠯᠤᠨ  ᠬᠤᠪᠢ ᠶᠢᠨ ᠬᠡᠪᠰᠢᠯ ᠦᠨ ᠲᠥᠯᠥᠭᠡᠯᠡᠯ ᠦᠳ ᠨᠢᠭᠡᠨ ᠶᠡᠨᠳᠡᠷ ᠳᠡᠭᠡᠷ᠎ᠡ ᠬᠠᠮᠲᠤᠷᠠᠨ ᠬᠡᠯᠡᠯᠴᠡᠬᠦ ᠣᠯᠠᠨ ᠤᠯᠤᠰ ᠤᠨ ᠪᠠᠭ᠎ᠠ ᠬᠤᠷᠠᠯ ᠵᠣᠬᠢᠶᠠᠨ ᠪᠠᠶᠢᠭᠤᠯᠵᠤ ᠪᠠᠶᠢᠨ᠎ᠠ᠃ ᠬᠤᠷᠠᠯ ᠤᠨ ᠦᠶ᠎ᠡ ᠪᠡᠷ ᠳ᠋ᠢᠵᠢᠲ᠋ᠠᠯ ᠡᠳ᠋ ᠍ ᠦᠨ ᠵᠠᠰᠠᠭ ᠤᠨ ᠵᠠᠭᠪᠤᠷ ᠪᠣᠯᠪᠠᠰᠤᠷᠠᠭᠤᠯᠬᠤ ︽ᠴᠠᠬᠢᠮ ᠡᠷᠡᠨ ᠳ᠋ᠡᠬᠢ ᠨᠡᠭᠦᠳᠡᠯᠴᠢᠳ︾ ᠲᠥᠰᠥᠯ ᠦᠨ ᠦᠷ᠎ᠡ ᠳ᠋ᠦᠩ ᠢ ᠲᠠᠨᠢᠯᠴᠠᠭᠤᠯᠬᠤ ᠪᠥᠭᠡᠳ ︽ᠮᠣᠩᠭᠣᠯ ᠤᠯᠤᠰ ᠳ᠋ᠢᠵᠢᠲ᠋ᠠᠯ ᠰᠢᠯᠵᠢᠯᠲᠡ ᠳᠦ ᠪᠡᠯᠡᠨ ᠦᠦ︾ ᠬᠡᠯᠡᠯᠴᠡᠭᠦᠯᠭᠡ ᠵᠣᠬᠢᠶᠠᠨ ᠪᠠᠶᠢᠭᠤᠯᠤᠭᠳᠠᠬᠤ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ