ᠤ᠊∙ᠬᠦᠷᠡᠯᠰᠦ᠋ᠬᠡ ᠡᠮᠡᠭᠲᠡᠶᠢᠴᠦᠳ ᠦᠨ ᠴᠢᠭᠤᠯᠭᠠᠨ ᠳᠤ ᠤᠷᠤᠯᠴᠠᠯ᠎ᠠ | News.MN

ᠤ᠊∙ᠬᠦᠷᠡᠯᠰᠦ᠋ᠬᠡ ᠡᠮᠡᠭᠲᠡᠶᠢᠴᠦᠳ ᠦᠨ ᠴᠢᠭᠤᠯᠭᠠᠨ ᠳᠤ ᠤᠷᠤᠯᠴᠠᠯ᠎ᠠ

ᠮᠣᠩᠭᠣᠯ ᠤᠨ ᠡᠮᠡᠭᠲᠡᠶᠢᠴᠦᠳ ᠦᠨ ᠬᠣᠯᠪᠣᠭᠠᠨ ᠤ ᠰᠠᠨᠠᠭᠠᠴᠢᠯᠠᠭᠰᠠᠨ ︽ᠢᠯᠡᠭᠦᠦ ᠰᠠᠶᠢᠬᠠᠨ ᠢᠷᠡᠭᠡᠳᠦᠢ ᠶᠢᠨ ᠲᠥᠯᠥᠭᠡ︾ ᠣᠯᠠᠨ ᠤᠯᠤᠰ ᠤᠨ ᠡᠮᠡᠭᠲᠡᠶᠢᠴᠦᠳ ᠦᠨ ᠠᠩᠬᠠᠳᠤᠭᠠᠷ ᠴᠢᠭᠤᠯᠭ᠎ᠠ ᠠᠭᠤᠯᠵᠠᠯᠲᠠ ᠲᠥᠷᠥ ᠶᠢᠨ ᠣᠷᠳᠣᠨ ᠳᠤ ᠡᠬᠢᠯᠡᠯ᠎ᠡ᠃ ᠡᠮᠡᠭᠲᠡᠶᠢᠴᠦᠳ ᠦᠨ ᠤᠯᠤᠰ ᠲᠥᠷᠥ᠂ ᠨᠡᠶᠢᠭᠡᠮ᠂ ᠡᠳ᠋ ᠦᠨ ᠵᠠᠰᠠᠭ ᠳᠠᠬᠢ ᠣᠷᠣᠯᠴᠠᠭ᠎ᠠ᠂ ᠲᠡᠳᠡᠨ ᠦ ᠡᠷᠬᠡ ᠶᠢ ᠬᠠᠩᠭᠠᠬᠤ ᠴᠢᠭᠯᠡᠯ ᠢᠶᠡᠷ ᠤᠯᠤᠰ ᠣᠷᠣᠨ ᠨᠤᠭᠤᠳ ᠤᠨ ᠰᠠᠶᠢᠨ ᠲᠤᠷᠰᠢᠯᠭ᠎ᠠ ᠶᠢ ᠬᠤᠪᠢᠶᠠᠯᠴᠠᠵᠤ᠂ ᠲᠤᠯᠭᠠᠮᠳᠠᠵᠤ ᠪᠠᠶᠢᠭ᠎ᠠ ᠠᠰᠠᠭᠤᠳᠠᠯ ᠢᠶᠠᠨ ᠬᠡᠯᠡᠯᠴᠡᠨ ᠰᠢᠢᠳᠦᠯ ᠡᠷᠢᠯᠬᠢᠯᠡᠵᠦ᠂ ᠰᠠᠨᠠᠯ ᠰᠤᠯᠢᠯᠴᠠᠬᠤ ᠶᠤᠮ᠃ ᠴᠢᠭᠤᠯᠭ᠎ᠠ ᠠᠭᠤᠯᠵᠠᠯᠲᠠ ᠪᠠᠷ  ︽ᠥᠬᠢᠳ᠂ ᠡᠮᠡᠭᠲᠡᠶᠢᠴᠦᠳ ᠦᠨ ᠪᠡᠯᠭᠡ ᠶᠢᠨ ᠬᠦᠴᠦᠷᠬᠡᠶᠢᠯᠡᠯ︾ ᠂  ︽ᠰᠢᠢᠳᠪᠦᠷᠢ ᠭᠠᠷᠭᠠᠬᠤ ᠲᠦᠪᠰᠢᠨ ᠦ ᠡᠮᠡᠭᠲᠡᠶᠢᠴᠦᠳ ᠦᠨ ᠣᠷᠣᠯᠴᠠᠭ᠎ᠠ︾᠂ ︽ᠡᠮᠡᠭᠲᠡᠶᠢᠴᠦᠳ ᠦᠨ ᠡᠳ᠋ ᠦᠨ ᠵᠠᠰᠠᠭ ᠤᠨ ᠬᠠᠷᠢᠶᠠᠲᠤ ᠪᠤᠰᠤ ᠪᠠᠶᠢᠳᠠᠯ︾ ᠭᠡᠰᠡᠨ ᠭᠤᠷᠪᠠᠨ ᠰᠡᠳᠦᠪ ᠦᠨ ᠬᠦᠷᠢᠶᠡᠨ ᠳᠦ ᠬᠡᠯᠡᠯᠴᠡᠭᠦᠯᠭᠡ ᠥᠷᠨᠢᠭᠦᠯᠦᠨ᠎ᠡ᠃
ᠶᠡᠷᠦᠩᠬᠡᠢ ᠰᠠᠶᠢᠳ ᠤ᠊∙ᠬᠦᠷᠡᠯᠰᠦ᠋ᠬᠡ ᠴᠢᠭᠤᠯᠭ᠎ᠠ ᠠᠭᠤᠯᠵᠠᠯᠲᠠ ᠶᠢᠨ ᠨᠡᠭᠡᠭᠡᠯᠲᠡ ᠳᠦ ᠣᠷᠣᠯᠴᠠᠨ ᠲᠥᠯᠥᠭᠡᠯᠡᠭᠴᠢ ᠂ ᠵᠣᠴᠢᠳ ᠲᠤ ᠠᠮᠵᠢᠯᠲᠠ ᠬᠦᠰᠡᠯ᠎ᠡ᠃ ᠲᠡᠷᠡ ᠪᠡᠷ ᠤᠯᠤᠰ ᠣᠷᠣᠨ ᠤ ᠬᠥᠭᠵᠢᠯ ᠢ ᠵᠥᠪᠬᠡᠨ ᠡᠳ᠋ ᠍ ᠦᠨ ᠵᠠᠰᠠᠭ ᠤᠨ ᠦᠵᠡᠭᠦᠯᠦᠯᠲᠡ ᠪᠡᠷ ᠬᠡᠮᠵᠢᠬᠦ ᠨᠢ ᠥᠭᠡᠷᠡᠴᠢᠯᠡᠭᠳᠡᠵᠦ᠂ ᠬᠦᠴᠦᠷᠬᠡᠶᠢᠯᠡᠯ ᠡᠴᠡ ᠠᠩᠭᠢᠳᠠ ᠪᠠᠶᠢᠬᠤ᠂ ᠡᠮᠡᠭᠲᠡᠶᠢᠴᠦᠳ ᠦᠨ ᠡᠷᠬᠡ ᠪᠣᠯᠤᠨ  ᠬᠦᠢᠰᠦ ᠶᠢᠨ ᠲᠡᠭᠰᠢ ᠪᠠᠶᠢᠳᠠᠯ ᠢ ᠬᠠᠩᠭᠠᠬᠤ ᠨᠢ ᠬᠥᠭᠵᠢᠯ ᠦᠨ ᠭᠣᠣᠯ ᠰᠢᠯᠭᠠᠭᠤᠷ ᠪᠣᠯᠵᠤ ᠪᠠᠶᠢᠭ᠎ᠠ ᠶᠢ ᠲᠡᠮᠳᠡᠭᠯᠡᠪᠡ᠃ ᠥᠬᠢᠳ ᠡᠮᠡᠭᠲᠡᠶᠢᠴᠦᠳ ᠢᠶᠡᠨ ᠠᠵᠢᠯ ᠣᠷᠣᠯᠭ᠎ᠠ ᠲᠠᠢ᠂ ᠠᠶᠤᠬᠤ ᠠᠶᠤᠯ ᠦᠭᠡᠢ᠂ ᠰᠠᠶᠢᠬᠠᠨ ᠠᠮᠢᠳᠤᠷᠠᠬᠤ ᠨᠥᠬᠥᠴᠡᠯ ᠪᠣᠯᠤᠮᠵᠢ ᠶᠢ ᠪᠦᠷᠢᠳᠦᠭᠦᠯᠬᠦ ᠶᠢᠨ ᠲᠥᠯᠥᠭᠡ ᠲᠥᠷᠥ ᠶᠢᠨ ᠪᠤᠰᠤ ᠪᠣᠯᠤᠨ ᠢᠷᠭᠡᠨ ᠦ ᠨᠡᠶᠢᠭᠡᠮ ᠤᠨ ᠪᠠᠶᠢᠭᠤᠯᠤᠯᠭ᠎ᠠ ᠨᠤᠭᠤᠳ᠂ ᠢᠯᠠᠩᠭᠤᠶ᠎ᠠ ᠮᠣᠩᠭᠣᠯ ᠤᠨ ᠡᠮᠡᠭᠲᠡᠶᠢᠴᠦᠳ ᠦᠨ ᠬᠣᠯᠪᠣᠭ᠎ᠠ ᠲᠠᠢ ᠨᠢᠭᠲᠠ ᠬᠠᠮᠲᠤᠷᠠᠨ ᠠᠵᠢᠯᠯᠠᠨ᠎ᠠ ᠭᠡᠯ᠎ᠡ᠃

ᠰᠡᠳᠬᠢᠭᠳᠡᠯ ᠦᠯᠡᠳᠡᠭᠡᠬᠦ