︽ᠬᠠᠷᠠᠩᠭ᠎ᠠ︾ ᠬᠠᠮᠲᠤᠯᠢᠭ ᠫᠢᠶᠠᠨᠰᠠ ᠭᠠᠷᠭᠠᠨ᠎ᠠ  | News.MN

  ︽ᠬᠠᠷᠠᠩᠭ᠎ᠠ︾ ᠬᠠᠮᠲᠤᠯᠢᠭ ᠫᠢᠶᠠᠨᠰᠠ ᠭᠠᠷᠭᠠᠨ᠎ᠠ 

ᠮᠣᠩᠭᠣᠯ ᠤᠨ ᠷᠣᠺ ᠫᠣᠫ ᠤᠨ ᠳᠣᠮᠣᠭ ᠪᠣᠯᠤᠭᠰᠠᠨ ︽ᠬᠠᠷᠠᠩᠭ᠎ᠠ︾ ᠬᠠᠮᠲᠤᠯᠢᠭ ᠤᠨ 30 ᠵᠢᠯ ᠦᠨ ᠣᠢ ᠶᠢᠨ ᠲᠣᠭᠯᠠᠯᠲᠠ ᠢᠷᠡᠬᠦ ᠠᠷᠪᠠᠳᠤᠭᠠᠷ ᠰᠠᠷ᠎ᠠ ᠶᠢᠨ 19 ᠍ ᠳᠦ ᠪᠤᠶᠠᠨᠲᠤ ᠬᠤᠸᠠ ᠰᠫᠣᠷᠲ ᠤᠨ ᠣᠷᠳᠣᠨ ᠳᠤ  ᠪᠤᠯᠬᠤ  ᠪᠠᠷ ᠲᠣᠪᠯᠠᠭᠳᠠᠭᠠᠳ ᠪᠠᠶᠢᠭ᠎ᠠ ᠪᠢᠯᠡ᠃ ︽ᠬᠠᠷᠠᠩᠭ᠎ᠠ︾ ᠶᠢᠨ ᠬᠢᠨ ᠣᠢ ᠶᠢᠨ ᠪᠠᠶᠠᠷ ᠲᠤ ᠪᠠᠨ ᠵᠣᠷᠢᠭᠤᠯᠤᠨ ᠴᠣ ᠰᠢᠨ᠎ᠡ ᠫᠢᠶᠠᠨᠰᠠ ᠭᠠᠷᠭᠠᠬᠤ ᠭᠡᠵᠦ ᠪᠠᠶᠢᠭ᠎ᠠ ᠪᠠᠨ ᠳᠤᠭᠤᠯᠭᠠᠯ᠎ᠠ᠃ ᠮᠥᠨ ᠹᠧᠨ ᠨᠦᠭᠦᠳ ᠲᠡᠭᠡᠨ ᠣᠯᠠᠨ  ᠰᠢᠦ᠋ᠰᠫᠢᠷᠢᠰ ᠪᠡᠯᠡᠳᠦᠭᠰᠡᠨ ᠭᠡᠨ᠎ᠡ᠃
ᠲᠡᠳᠡ ︽ᠡᠷᠡᠨ ᠵᠠᠭᠤᠨ ᠤ ᠬᠥᠭ︾ ︵1997︶᠂ ︽Best of Haranga︾ ︵1997︶᠂ ︽ᠪᠣᠳᠣᠯ ᠤᠨ ᠲᠡᠩᠭᠢᠰ︾ ︵2000︶᠂ ︽ᠶᠢᠷᠲᠢᠨᠴᠦ ᠶᠢᠨ ᠥᠩᠭᠡ︾ ︵2003︶ ᠴᠣᠮᠣᠭ ᠢᠶᠠᠨ ᠳᠠᠬᠢᠨ ᠬᠡᠪᠯᠡᠭᠦᠯᠬᠦ ᠪᠡᠷ ᠪᠣᠯᠤᠭᠰᠠᠨ ᠪᠠᠶᠢᠨ᠎ᠠ᠃ ᠰᠣᠨᠢᠷᠬᠠᠭᠤᠯᠬᠤ ᠳᠤ ︽ᠬᠠᠷᠠᠩᠭ᠎ᠠ︾ ᠬᠠᠮᠲᠤᠯᠢᠭ ᠤᠨ ᠬᠢᠨ ᠢᠷᠠᠭᠤ ᠨᠠᠶᠢᠷᠠᠭᠴᠢ ᠯ∙ᠥᠯᠵᠡᠶᠢᠲᠡᠭᠦᠰ ᠦᠨ 2012ᠣᠨ ᠳᠤ ᠪᠢᠴᠢᠭᠰᠡᠨ ︽ᠰᠢᠯᠦᠭᠴᠢ︾ ᠰᠢᠯᠦᠭ᠂ ᠴ∙ ᠴᠢᠯᠠᠭᠤᠨᠪᠠᠲᠤ  ᠶᠢᠨ ᠠᠶᠠᠯᠭᠤ ᠲᠠᠢ ᠳᠠᠭᠤᠤ ᠪᠦᠲᠦᠭᠡᠵᠡᠢ᠃

ᠰᠡᠳᠬᠢᠭᠳᠡᠯ ᠦᠯᠡᠳᠡᠭᠡᠬᠦ