︽ᠮᠣᠩᠭᠣᠯ ᠤᠨ ᠲᠡᠮᠦᠷ ᠵᠠᠮ︾ ᠦᠨ ᠳᠠᠷᠤᠭ᠎ᠠ ᠠᠵᠢᠯ ᠢᠶᠠᠨ ᠥᠭᠴᠡᠢ  | News.MN

 ︽ᠮᠣᠩᠭᠣᠯ ᠤᠨ ᠲᠡᠮᠦᠷ ᠵᠠᠮ︾ ᠦᠨ ᠳᠠᠷᠤᠭ᠎ᠠ ᠠᠵᠢᠯ ᠢᠶᠠᠨ ᠥᠭᠴᠡᠢ 

︽ᠮᠣᠩᠭᠣᠯ ᠤᠨ ᠲᠡᠮᠦᠷ ᠵᠠᠮ︾ ᠺᠣᠮᠫᠠᠨᠢ ᠶᠢᠨ ᠳᠠᠷᠤᠭ᠎ᠠ ᠪ∙ᠴᠡᠩᠭᠡᠯ ᠠᠯᠪᠠᠨ ᠠᠵᠢᠯ ᠢᠶᠠᠨ ᠬᠦᠯᠢᠶᠡᠯᠭᠡᠨ ᠥᠭᠴᠦ᠂ ᠮᠤᠩᠭᠤᠯ ᠠᠷᠠᠳ᠍ ᠤᠨ ᠨᠠᠮ ᠤᠨ ᠳᠠᠷᠤᠭ᠎ᠠ ᠤ᠊∙ᠬᠦᠷᠡᠯᠰᠦ᠋ᠬᠡ ᠶᠢᠨ ᠤᠯᠤᠰ ᠲᠥᠷᠥ ᠶᠢᠨ ᠵᠦᠪᠯᠡᠬᠦ ᠪᠣᠯᠵᠠᠢ᠃ ᠲᠡᠷᠡᠪᠡᠷ ᠤ᠊∙ᠬᠦᠷᠡᠯᠰᠦ᠋ᠬᠡ ᠶᠢᠨ ᠲᠡᠷᠢᠭᠦᠯᠡᠭᠰᠡᠨ ᠵᠠᠰᠠᠭ ᠤᠨ ᠭᠠᠵᠠᠷ  ᠪᠠᠶᠢᠭᠤᠯᠤᠭᠳᠠᠭᠰᠠᠨ ᠤ ᠳᠠᠷᠠᠭ᠎ᠠ ︽ᠮᠣᠩᠭᠣᠯ ᠤᠨ ᠲᠡᠮᠦᠷ ᠵᠠᠮ︾ ᠺᠣᠮᠫᠠᠨᠢ ᠶᠢᠨ ᠳᠠᠷᠤᠭ᠎ᠠ ᠪᠠᠷ ᠠᠵᠢᠯᠯᠠᠵᠤ ᠡᠬᠢᠯᠡᠭᠰᠡᠨ ᠨᠢᠭᠡᠨ ᠶᠤᠮ᠃ ᠪ∙ᠴᠡᠩᠭᠡᠯ ᠦᠨ ᠠᠵᠢᠯ ᠢᠶᠠᠨ ᠥᠭᠭᠦᠭᠰᠡᠨ ᠰᠢᠯᠲᠠᠭᠠᠨ ᠢ ᠤᠯᠠᠭᠠᠨᠪᠠᠭᠠᠲᠤᠷ ᠲᠡᠮᠦᠷ ᠵᠠᠮ ᠤᠨ ᠳᠠᠷᠤᠭ᠎ᠠ ᠳ∙ᠵᠢᠭᠵᠢᠳᠨᠢᠮ᠎ᠠ ᠶᠢ ᠰᠣᠯᠢᠬᠤ ᠭᠡᠵᠦ ᠪᠤᠢ᠂ ᠲᠡᠭᠦᠨ ᠦ ᠣᠷᠣᠨ ᠳᠤ ᠲᠣᠮᠢᠯᠠᠭᠳᠠᠬᠤ ᠪᠠᠷ ᠡᠶᠢᠨᠬᠦᠦ ᠠᠵᠢᠯ ᠢᠶᠠᠨ ᠥᠭᠭᠦᠭᠰᠡᠨ ᠭᠡᠬᠦ ᠶᠠᠷᠢᠶ᠎ᠠ ᠤᠯᠤᠰ ᠲᠥᠷᠥ ᠶᠢᠨ ᠬᠦᠷᠢᠶᠡᠨ ᠳᠦ ᠶᠠᠷᠢᠭᠳᠠᠵᠤ ᠪᠠᠶᠢᠭ᠎ᠠ᠃ ᠮᠥᠨ ︽ᠮᠣᠩᠭᠣᠯ ᠤᠨ ᠲᠡᠮᠦᠷ ᠵᠠᠮ︾ ᠺᠣᠮᠫᠠᠨᠢ ᠶᠢᠨ ᠵᠠᠬᠢᠷᠤᠯ ᠤᠨ ᠣᠷᠣᠨ ᠳᠤ ᠲᠤᠮᠢᠯᠠᠬᠤ ᠬᠡᠳᠦ ᠬᠡᠳᠦᠨ ᠬᠦᠮᠦᠨ ᠦ ᠨᠡᠷ᠎ᠡ ᠶᠠᠷᠢᠭᠳᠠᠵᠤ ᠪᠤᠢ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ