ᠸᠢᠶᠧᠲ᠋ᠨᠠᠮ ᠤᠯᠤᠰ ᠤᠨ ᠨᠡᠶᠢᠰᠯᠡᠯ ᠬᠠᠨᠤᠢ ᠬᠤᠲᠠ ᠳᠤ 16 ᠬᠦᠷᠲᠡᠯᠡᠬᠢ ᠨᠠᠰᠤᠨ ᠤ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠤᠷᠢᠳᠴᠢᠯᠠᠭᠰᠠᠨ ᠱᠠᠲᠤᠨ ᠳᠤ ᠣᠷᠣᠯᠴᠠᠵᠤ ᠪᠠᠶᠢᠭ᠎ᠠ ᠮᠠᠨ ᠤ ᠬᠥᠪᠡᠭᠦᠳ ᠥᠨᠥᠳᠥᠷ ᠬᠡᠰᠡᠭ ᠦᠨ ᠬᠦᠴᠦᠲᠡᠢ ᠥᠷᠢᠰᠦᠯᠳᠦᠭᠴᠢ ᠠᠦᠢᠰᠲᠷᠠᠯᠢᠶ᠎ᠠ ᠶᠢᠨ ᠰᠢᠭᠰᠢᠭᠡ ᠪᠠᠭ ᠲᠠᠢ ᠲᠤᠭᠯᠠᠯ᠎ᠠ᠃ ᠮᠠᠨ ᠤ ᠰᠢᠭᠰᠢᠭᠡ ᠠᠽᠢᠶ᠎ᠠ ᠶᠢᠨ ᠰᠢᠯᠢᠳᠡᠭ ᠪᠠᠭ ᠤᠨ ᠡᠰᠡᠷᠭᠦ ᠲᠤᠩ ᠰᠠᠶᠢᠨ ᠲᠣᠭᠯᠠᠭᠰᠠᠨ ᠴᠤ ᠡᠬᠢᠨ ᠦ ᠬᠠᠭᠠᠰ 2᠄0 ᠍ ᠢᠶᠡᠷ ᠳᠡᠶᠢᠯᠦᠭᠳᠡᠭᠰᠡᠨ ᠶᠤᠮ᠃ ᠭᠡᠰᠡᠨ ᠴᠤ ᠮᠠᠨ ᠤ ᠬᠥᠪᠡᠭᠦᠳ ᠪᠠᠭᠤᠵᠤ ᠥᠭᠭᠦᠭᠰᠡᠨ ᠦᠭᠡᠢ᠃ 64 ᠳ᠋ᠡᠬᠢ ᠮᠢᠨᠦ᠋ᠲ ᠲᠤ ᠳ∙ᠰᠢᠷᠡᠪᠵᠠᠮᠰᠤ ᠬᠡᠳᠦ ᠬᠡᠳᠦᠨ ᠪᠣᠯᠤᠮᠵᠢ ᠶᠢ ᠡᠭᠦᠰᠬᠡᠭᠰᠡᠨ ᠴᠤ ᠲᠣᠭ᠎ᠠ ᠶᠢ ᠲᠡᠩᠴᠡᠭᠦᠯᠵᠦ ᠴᠢᠳᠠᠭᠰᠠᠨ ᠦᠭᠡᠢ 2᠄1 ᠶᠢᠨ ᠬᠠᠷᠢᠴᠠᠭ᠎ᠠ ᠲᠠᠢ ᠢᠯᠠᠭᠳᠠᠯ ᠬᠦᠯᠢᠶᠡᠯ᠎ᠡ᠃
2 ᠵᠢᠯ ᠦᠨ ᠡᠮᠦᠨ᠎ᠡ ᠮᠠᠨ ᠤ ᠤᠯᠤᠰ ᠲᠤ 16 ᠬᠦᠷᠲᠡᠯᠡᠬᠢ ᠨᠠᠰᠤᠨ ᠤ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠤᠷᠢᠳᠴᠢᠯᠠᠭᠰᠠᠨ ᠱᠠᠲᠤᠨ ᠤ ᠬᠡᠰᠡᠭ ᠦᠨ ᠲᠣᠭᠯᠠᠯᠲᠠ ᠨᠤᠭᠤᠳ ᠶᠠᠪᠤᠭᠳᠠᠬᠤ ᠳᠤ ᠮᠣᠩᠭᠣᠯ ᠪᠣᠯᠤᠨ ᠠᠦᠢᠰᠲᠷᠠᠯᠢᠶ᠎ᠠ ᠶᠢᠨ ᠰᠢᠭᠰᠢᠭᠡ ᠪᠠᠭ ᠤᠨ ᠤᠴᠠᠷᠠᠭ᠎ᠠ ᠲᠠᠭᠠᠷᠠᠵᠤ᠂10᠄1 ᠶᠢᠨ ᠬᠠᠷᠢᠴᠠᠭ᠎ᠠ ᠲᠠᠢ ᠢᠯᠠᠭᠳᠠᠯ ᠬᠦᠯᠢᠶᠡᠵᠦ ᠪᠠᠶᠢᠭᠰᠠᠨ ᠢ ᠬᠥᠯ ᠪᠦᠮᠪᠦᠭᠡ ᠰᠣᠨᠢᠷᠬᠠᠭᠴᠢᠳ ᠮᠠᠨᠢ ᠮᠠᠷᠲᠠᠭ᠎ᠠ ᠦᠭᠡᠢ ᠪᠢᠵᠡ᠃ ᠲᠡᠭᠡᠪᠡᠯ ᠶᠡᠷᠦ ᠳᠡᠭᠡᠨ ᠡᠨᠡ ᠤᠳᠠᠭ᠎ᠠ ᠮᠣᠩᠭᠣᠯ ᠬᠥᠪᠡᠭᠦᠳ ᠦᠨ ᠤᠷ᠎ᠠ ᠴᠢᠳᠠᠪᠤᠷᠢ ᠲᠡᠳᠦᠢ ᠴᠢᠨᠡᠭᠡᠨ ᠳᠡᠭᠡᠭᠰᠢᠯᠡᠭᠰᠡᠨ ᠢ ᠬᠠᠷᠠᠵᠤ ᠪᠣᠯᠬᠤᠶᠢᠴᠠ ᠲᠣᠭᠯᠠᠯᠲᠠ ᠶᠢ ᠮᠠᠨ ᠤ ᠪᠠᠭ ᠦᠵᠡᠭᠦᠯᠦᠯ᠎ᠡ᠃