ᠠᠷᠪᠠᠨ ᠭᠤᠷᠪᠠᠲᠠᠢ ᠥᠬᠢᠨ ᠤᠯᠤᠰ ᠤᠨ ᠢᠶᠠᠨ ᠨᠡᠷ᠎ᠡ ᠶᠢ ᠮᠠᠨᠳᠤᠭᠤᠯᠵᠤ ᠪᠠᠶᠢᠨ᠎ᠠ  | News.MN

ᠠᠷᠪᠠᠨ ᠭᠤᠷᠪᠠᠲᠠᠢ ᠥᠬᠢᠨ ᠤᠯᠤᠰ ᠤᠨ ᠢᠶᠠᠨ ᠨᠡᠷ᠎ᠡ ᠶᠢ ᠮᠠᠨᠳᠤᠭᠤᠯᠵᠤ ᠪᠠᠶᠢᠨ᠎ᠠ 

ᠠᠷᠪᠠᠨ ᠭᠤᠷᠪᠠᠬᠠᠨ ᠨᠠᠰᠤᠲᠠᠢ ᠥᠬᠢᠨ ᠡᠬᠡ ᠣᠷᠣᠨ ᠢᠶᠠᠨ ᠲᠥᠯᠥᠭᠡᠯᠡᠨ ᠤᠯᠢᠮᠫᠢᠺ ᠲᠤ ᠤᠷᠤᠯᠴᠠᠬᠤ ᠡᠷᠬᠡ ᠶᠢᠨ ᠣᠨᠣᠭ᠎ᠠ ᠪᠠᠭᠴᠠᠯᠠᠬᠤ ᠲᠡᠮᠡᠴᠡᠭᠡᠨ ᠳᠦ ᠣᠷᠣᠯᠴᠠᠬᠤ ᠪᠠᠷ ᠧᠦᠢᠷᠣᠫᠠ ᠶᠢ ᠵᠣᠷᠢᠵᠠᠢ᠃ ᠲᠡᠭᠦᠨ ᠢ ᠣᠳᠬᠣᠨᠪᠠᠶᠠᠷ ᠤᠨ ᠢᠪᠡᠭᠡᠯ ᠭᠡᠳᠡᠭ᠃ ᠤᠷᠠᠨ ᠭᠤᠯᠭᠤᠯᠲᠠ ᠶᠢᠨ ᠪᠢᠴᠢᠬᠠᠨ ᠲᠠᠮᠢᠷᠴᠢᠨ ᠣ᠊∙ᠢᠪᠡᠭᠡᠯ ᠠᠮᠧᠷᠢᠺᠠ ᠶᠢᠨ ᠺᠣᠯᠣᠷᠣᠳᠠ ᠮᠤᠵᠢ ᠶᠢᠨ ᠢᠶᠠᠨ ᠳᠠᠩᠰᠠ ᠲᠠᠢ ᠲᠠᠮᠢᠷᠴᠢᠨ ᠶᠤᠮ᠃ ᠲᠡᠷᠡᠪᠡᠷ ᠠᠮᠧᠷᠢᠺᠠ ᠶᠢᠨ  ᠳ᠋ᠸᠸᠨᠸᠸᠷ ᠤᠨ ᠺᠯᠦ᠋ᠪ  ᠦᠳ ᠦᠨ ᠠᠪᠤᠷᠭᠤ ᠠᠴᠠ ᠲᠧᠭᠨᠢᠭ ᠦᠨ ᠲᠥᠷᠥᠯ ᠢᠶᠡᠷ ᠮᠥᠩᠭᠥᠨ ᠮᠧᠳᠠᠯ᠂ ᠺᠣᠯᠣᠷᠣᠳᠠ ᠮᠤᠵᠢ ᠶᠢᠨ ᠠᠪᠤᠷᠭᠤ ᠶᠢᠨ ᠠᠯᠲᠠ ᠠᠪᠴᠦ᠂ ᠠᠮᠵᠢᠯᠲᠠ ᠦᠵᠡᠭᠦᠯᠦᠭᠡᠳ ᠪᠤᠢ ᠢᠷᠡᠭᠡᠳᠦᠢ ᠲᠡᠢ ᠲᠠᠮᠢᠷᠴᠢᠨ ᠠᠵᠠᠢ᠃ ᠮᠥᠨ 2013 ᠣᠨ ᠳᠤ ᠡᠳᠡᠭᠡᠷ ᠠᠮᠵᠢᠯᠲᠠ ᠨᠤᠭᠤᠳ ᠨᠢ ᠲᠡᠭᠦᠨ ᠳᠦ ᠠᠮᠧᠷᠢᠺᠠ ᠶᠢᠨ ᠤᠷᠠᠨ ᠭᠤᠯᠭᠤᠯᠲᠠ ᠶᠢᠨ ᠬᠣᠯᠪᠣᠭᠠᠨ ᠤ ᠬᠠᠭᠠᠯᠭ᠎ᠠ ᠶᠢ ᠨᠡᠭᠡᠭᠡᠵᠦ᠂ ᠠᠮᠧᠷᠢᠺᠠ ᠶᠢᠨ ᠤᠷᠠᠨ ᠭᠤᠯᠭᠤᠯᠲᠠ ᠶᠢᠨ ᠬᠣᠯᠪᠣᠭᠠᠨ ᠤ ᠳᠠᠩᠰᠠ ᠲᠠᠢ ᠲᠠᠮᠢᠷᠴᠢᠨ ᠦᠨᠳᠦᠰᠦᠨ ᠭᠡᠰᠢᠭᠦᠨ ᠪᠣᠯᠭᠠᠨ ᠥᠨᠳᠥᠷ ᠵᠡᠷᠭᠡᠯᠡᠯ ᠦᠨ ᠳᠠᠰᠬᠠᠯᠵᠢᠭᠤᠯᠤᠭᠴᠢ ᠳᠡᠭᠡᠷ᠎ᠡ ᠮᠡᠷᠭᠡᠵᠢᠯ ᠦᠨ ᠲᠦᠪᠰᠢᠨ ᠳᠦ ᠬᠢᠴᠢᠶᠡᠯᠯᠡᠬᠦ ᠱᠠᠭᠠᠷᠳᠠᠯᠭ᠎ᠠ ᠲᠠᠢ ᠪᠣᠯᠤᠭᠰᠠᠨ ᠲᠠᠯ᠎ᠠ ᠪᠠᠷ ᠲᠡᠭᠦᠨ ᠦ ᠠᠪᠤ ᠨ∙ᠣᠳᠬᠣᠨᠪᠠᠶᠠᠷ ᠶᠠᠷᠢᠭᠰᠠᠨ ᠶᠤᠮ᠃ ᠣ᠊∙ᠢᠪᠡᠭᠡᠯ ᠥᠬᠢᠨ ᠭᠡᠷ ᠪᠦᠯᠢ ᠶᠢᠨ ᠬᠠᠮᠲᠤ ᠠᠮᠧᠷᠢᠺᠠ ᠳᠤ ᠠᠮᠢᠳᠤᠷᠠᠳᠠᠭ᠃
ᠣᠳᠣ ᠪᠠᠷ ᠪᠢᠴᠢᠬᠠᠨ ᠤᠷᠠᠨ ᠭᠤᠯᠭᠤᠭᠴᠢ ᠣ᠊∙ᠢᠪᠡᠭᠡᠯ ᠥᠬᠢᠨ ᠶᠢᠰᠦᠳᠦᠭᠡᠷ ᠰᠠᠷ᠎ᠠ ᠶᠢᠨ 18 ᠍ ᠳᠦ ᠡᠬᠢᠯᠡᠬᠦ Grand-Prix Gdansk. Poland  ᠢ ᠵᠣᠷᠢᠭᠰᠠᠨ ᠪᠥᠭᠡᠳ ᠦᠷᠭᠦᠯᠵᠢᠯᠡᠭᠦᠯᠦᠨ ᠶᠢᠰᠦᠳᠦᠭᠡᠷ ᠰᠠᠷ᠎ᠠ ᠶᠢᠨ 25 ᠍- 28 ᠳᠤ Grand Prix Zagreb-Croatia ᠳᠤ ᠤᠷᠤᠯᠴᠠᠬᠤ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ