︽ᠰᠫᠤᠷᠲᠯᠢᠭ ᠤᠯᠠᠭᠠᠨᠪᠠᠭᠠᠲᠤᠷ︾ ᠡᠳᠦᠷᠯᠢᠭ ᠪᠣᠯᠤᠯ᠎ᠠ  | News.MN

 ︽ᠰᠫᠤᠷᠲᠯᠢᠭ ᠤᠯᠠᠭᠠᠨᠪᠠᠭᠠᠲᠤᠷ︾ ᠡᠳᠦᠷᠯᠢᠭ ᠪᠣᠯᠤᠯ᠎ᠠ 

ᠨᠡᠶᠢᠰᠯᠡᠯ ᠦᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠠᠴᠠ ︽ᠴᠡᠪᠡᠷ ᠠᠭᠠᠷ ᠲᠠᠢ ᠮᠠᠰᠢᠨ ᠦᠭᠡᠢ ᠡᠳᠦᠷ︾ ᠡᠳᠦᠷᠯᠢᠭ ᠢ ᠥᠩᠭᠡᠷᠡᠭᠰᠡᠨ ᠠᠮᠠᠷᠠᠯᠲᠠ ᠶᠢᠨ ᠡᠳᠦᠷ ᠦᠳ ᠲᠦ ᠵᠣᠬᠢᠶᠠᠨ ᠪᠠᠶᠢᠭᠤᠯᠤᠭᠰᠠᠨ ᠪᠢᠯᠡ᠃
ᠡᠨᠡ ᠦᠶ᠎ᠡ ᠪᠡᠷ ᠨᠡᠶᠢᠰᠯᠡᠯ ᠦᠨ ᠰᠫᠣᠷᠲ ᠤᠨ ᠬᠣᠷᠢᠶᠠᠨ ᠠᠴᠠ 9 ᠳᠡᠭᠦᠷᠭᠡ ᠶᠢᠨ ᠪᠡᠶ᠎ᠡ ᠶᠢᠨ ᠲᠠᠮᠢᠷ᠂ ᠰᠫᠣᠷᠲ ᠤᠨ ᠬᠣᠷᠢᠶᠠᠳ ᠲᠠᠢ ᠬᠠᠮᠲᠤᠷᠠᠨ ᠳ∙ᠰᠦᠬᠡᠪᠠᠭᠠᠲᠤᠷ ᠤᠨ ᠲᠠᠯᠠᠪᠠᠢ ᠶᠢᠨ ᠪᠠᠷᠠᠭᠤᠨ ᠲᠠᠯ᠎ᠠ ᠶᠢᠨ ᠵᠠᠮ ᠤᠨ ᠳᠠᠭᠠᠤ ︽ᠰᠫᠤᠷᠲᠯᠢᠭ ᠤᠯᠠᠭᠠᠨᠪᠠᠭᠠᠲᠤᠷ︾ ᠪᠡᠶ᠎ᠡ ᠶᠢᠨ ᠲᠠᠮᠢᠷ᠂ ᠰᠫᠣᠷᠲ ᠤᠨ ᠡᠳᠦᠷᠯᠢᠭ ᠵᠣᠬᠢᠶᠠᠨ ᠪᠠᠶᠢᠭᠤᠯᠵᠤ 732 ᠬᠦᠮᠦᠨ ᠬᠠᠮᠤᠷᠤᠭᠳᠠᠯ᠎ᠠ᠃
ᠬᠠᠨ-ᠠᠭᠤᠯᠠ᠂ ᠰᠦᠬᠡᠪᠠᠭᠠᠲᠤᠷ᠂ ᠪᠠᠶᠠᠩᠭᠤᠤᠯ ᠳᠡᠭᠦᠷᠭᠡ ᠶᠢᠨ ᠪᠡᠶ᠎ᠡ ᠶᠢᠨ ᠲᠠᠮᠢᠷ᠂ ᠰᠫᠣᠷᠲ ᠤᠨ ᠬᠤᠷᠢᠶᠠᠳ ᠣᠯᠣᠰᠣ ᠲᠠᠲᠠᠯᠲᠠ ᠶᠢᠨ ᠲᠡᠮᠡᠴᠡᠭᠡᠨ ᠵᠣᠬᠢᠶᠠᠨ ᠪᠠᠶᠢᠭᠤᠯᠵᠤ︔ ᠬᠠᠨ-ᠠᠭᠤᠯᠠ ᠳᠡᠭᠦᠷᠭᠡ ᠦᠨᠳᠦᠰᠦᠨ ᠦ ᠰᠢᠷᠡᠭᠡᠨ ᠦ ᠱᠠᠭ᠎ᠠ ᠶᠢᠨ ᠨᠠᠭᠠᠳᠭᠠᠢ ᠶᠢᠨ ᠲᠡᠮᠡᠴᠡᠭᠡᠨ︔ ᠪᠠᠶᠠᠩᠭᠤᠤᠯ ᠳᠡᠭᠦᠷᠭᠡ ᠶᠢᠨ ᠬᠢᠨ ᠪᠤᠤᠬᠢᠶ᠎ᠠ ᠲᠡᠮᠡᠴᠡᠭᠡᠨ︔ ᠪᠠᠶᠠᠨᠵᠢᠷᠦᠬᠡ ᠳᠡᠭᠦᠷᠭᠡ ᠶᠢᠨ ᠬᠢᠨ ᠳᠡᠭᠡᠰᠦ ᠲᠣᠭᠯᠠᠬᠤ ᠲᠡᠮᠡᠴᠡᠭᠡᠨ᠂  ᠭᠡᠷ ᠡᠷᠭᠦᠯᠲᠡ ᠶᠢᠨ ᠲᠡᠮᠡᠴᠡᠭᠡᠨ︔ ᠴᠡᠩᠭᠡᠯᠲᠡᠢ ᠳᠡᠭᠦᠷᠭᠡ ᠶᠢᠨ  ᠬᠢᠨ 3X 3 ᠰᠠᠭᠰᠤᠨ ᠪᠥᠮᠪᠥᠭᠡ ᠶᠢᠨ ᠲᠡᠮᠡᠴᠡᠭᠡᠨ︔ ᠰᠣᠩᠭᠢᠨ᠎ᠠ ᠬᠠᠶᠢᠷᠬᠠᠨ ᠳᠡᠭᠦᠷᠭᠡ ᠶᠢᠨ ᠬᠢᠨ ᠠᠯᠠᠭᠠᠳᠠᠬᠤ ᠪᠦᠮᠪᠦᠭᠡ᠂ ᠳᠤᠭᠤᠢ ᠶᠢᠨ ᠰᠫᠣᠷᠲ ᠤᠨ ᠦᠵᠡᠭᠦᠯᠬᠦ ᠲᠣᠭᠯᠠᠯᠲᠠ ᠵᠣᠬᠢᠶᠠᠨ ᠪᠠᠶᠢᠭᠤᠯᠤᠨ ᠂ ᠨᠠᠯᠠᠶᠢᠬᠤ᠂ ᠪᠠᠭᠠᠨᠠᠭᠤᠷ᠂ ᠪᠠᠭᠠᠬᠠᠩᠭᠠᠢ ᠳᠡᠭᠦᠷᠭᠡ ᠶᠢᠨ ᠬᠢᠨ ᠪᠠᠳ᠋ᠮᠢᠨᠲ᠋ᠤᠨ ᠤ ᠲᠡᠮᠡᠴᠡᠭᠡᠨ ᠵᠣᠬᠢᠶᠠᠨ ᠪᠠᠶᠢᠭᠤᠯᠤᠨ16 ᠬᠦᠮᠦᠨ ᠲᠤᠰ ᠲᠤᠰ ᠣᠷᠣᠯᠴᠠᠯ᠎ᠠ᠃ ᠮᠥᠨ ᠮᠣᠩᠭᠣᠯ ᠤᠨ ᠳᠤᠭᠤᠶᠢᠴᠢᠳ ᠤᠨ ᠬᠣᠯᠪᠣᠭᠠᠨ ᠠᠴᠠ ᠰᠠᠨᠠᠭᠠᠴᠢᠯᠠᠭᠰᠠᠨ 5000 ᠭᠠᠷᠤᠢ ᠳᠤᠭᠤᠶᠢᠴᠢᠳ ᠤᠨ ᠫᠠᠷᠠᠳ᠋ ᠲᠤ ᠬᠣᠲᠠ ᠶᠢᠨ ᠵᠠᠬᠢᠷᠤᠭᠴᠢ ᠰ∙ᠠᠮᠤᠷᠰᠠᠶᠢᠬᠠᠨ ᠣᠷᠣᠯᠴᠠᠭᠰᠠᠨ ᠶᠤᠮ᠃

ᠰᠡᠳᠬᠢᠭᠳᠡᠯ ᠦᠯᠡᠳᠡᠭᠡᠬᠦ