︽ᠪᠠᠷᠠᠭᠤᠨ ᠪᠥᠰᠡ ᠶᠢᠨ ᠤᠳᠬ᠎ᠠ ᠵᠣᠬᠢᠶᠠᠯ ᠤᠨ ᠴᠢᠭᠤᠯᠭᠠᠨ︾ ᠪᠣᠯᠤᠨ᠎ᠠ  | News.MN

 ︽ᠪᠠᠷᠠᠭᠤᠨ ᠪᠥᠰᠡ ᠶᠢᠨ ᠤᠳᠬ᠎ᠠ ᠵᠣᠬᠢᠶᠠᠯ ᠤᠨ ᠴᠢᠭᠤᠯᠭᠠᠨ︾ ᠪᠣᠯᠤᠨ᠎ᠠ 

︽ᠪᠠᠷᠠᠭᠤᠨ ᠪᠥᠰᠡ ᠶᠢᠨ ᠤᠳᠬ᠎ᠠ ᠵᠣᠬᠢᠶᠠᠯ ᠤᠨ ᠴᠢᠭᠤᠯᠭᠠᠨ︾ ᠡᠨᠡ ᠰᠠᠷ᠎ᠠ ᠶᠢᠨ 23-24 ᠍ ᠳᠦ ᠬᠣᠪᠳᠣ ᠠᠶᠢᠮᠠᠭ ᠲᠤ ᠪᠣᠯᠤᠨ᠎ᠠ᠃ ᠴᠢᠭᠤᠯᠭᠠᠨ ᠤ ᠵᠣᠬᠢᠶᠠᠨ ᠪᠠᠶᠢᠭᠤᠯᠤᠭᠴᠢ ᠪᠠᠷ ᠬᠣᠪᠳᠣ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ ᠢᠷᠭᠡᠳ ᠦᠨ ᠲᠥᠯᠥᠭᠡᠯᠡᠭᠴᠢᠳ ᠦᠨ ᠬᠤᠷᠠᠯ᠂ ᠮᠤᠩᠭᠤᠯ ᠤᠨ ᠵᠤᠬᠢᠶᠠᠯᠴᠢᠳ ᠤᠨ ᠡᠪᠯᠡᠯ ᠦᠨ ᠬᠣᠪᠳᠣ ᠠᠶᠢᠮᠠᠭ ᠳᠠᠬᠢ ᠠᠯᠲᠠᠢ ᠰᠠᠯᠪᠤᠷᠢ᠂ ᠬᠣᠪᠳᠣ ᠶᠡᠬᠡ ᠰᠤᠷᠭᠠᠭᠤᠯᠢ ᠵᠡᠷᠭᠡ ᠪᠠᠶᠢᠭᠤᠯᠤᠯᠭ᠎ᠠ ᠠᠵᠢᠯᠯᠠᠬᠤ ᠶᠤᠮ᠃
ᠮᠣᠩᠭᠣᠯ ᠤᠯᠤᠰ ᠤᠨ ᠪᠠᠷᠠᠭᠤᠨ ᠪᠥᠰᠡ ᠶᠢᠨ ᠠᠶᠢᠮᠠᠭ ᠤᠳ ᠤᠳᠬ᠎ᠠ ᠵᠣᠬᠢᠶᠠᠯ ᠤᠨ ᠨᠢᠭᠡᠳᠦᠭᠰᠡᠨ ᠦᠢᠯᠡ ᠠᠵᠢᠯᠯᠠᠭ᠎ᠠ ᠶᠢ ᠡᠭᠡᠯᠵᠢᠯᠡᠨ ᠵᠣᠬᠢᠶᠠᠨ ᠪᠠᠶᠢᠭᠤᠯᠳᠠᠭ ᠤᠯᠠᠮᠵᠢᠯᠠᠯ ᠲᠠᠢ᠃ ᠴᠢᠭᠤᠯᠭᠠᠨ ᠤ ᠦᠢᠯᠡ ᠠᠵᠢᠯᠯᠠᠭ᠎ᠠ ᠬᠡᠯᠡ ᠰᠤᠶᠤᠯ᠂ ᠤᠳᠬ᠎ᠠ ᠵᠣᠬᠢᠶᠠᠯ ᠤᠨ ᠣᠨᠴᠠᠯᠢᠭ᠂ ᠡᠷᠬᠢᠮᠯᠡᠬᠦ ᠵᠦᠢᠯᠡᠰ᠂ ᠪᠦᠲᠦᠭᠡᠯ ᠲᠤᠭᠤᠷᠪᠢᠯ ᠢ ᠣᠯᠠᠨ ᠨᠡᠶᠢᠲᠡ ᠳᠦ ᠲᠠᠨᠢᠭᠤᠯᠬᠤ᠂ ᠲᠦᠭᠡᠭᠡᠨ ᠳᠡᠯᠭᠡᠷᠡᠭᠦᠯᠬᠦ ᠳᠦ ᠴᠢᠭᠯᠡᠭᠰᠡᠨ ᠰᠢᠨᠡᠯᠢᠭ ᠠᠷᠭ᠎ᠠ ᠵᠠᠮ ᠢ ᠡᠷᠢᠯᠬᠢᠯᠡᠬᠦ᠂ ᠪᠥᠰᠡ ᠨᠤᠲᠤᠭ ᠤᠨ ᠤᠷᠠᠨ ᠵᠣᠬᠢᠶᠠᠯ ᠤᠨ ᠰᠠᠯᠪᠤᠷᠢ ᠶᠢᠨ ᠥᠨᠥ ᠶᠢᠨ ᠪᠠᠶᠢᠳᠠᠯ᠂ ᠴᠢᠨᠠᠭᠰᠢᠳᠠ ᠶᠢᠨ ᠲᠥᠯᠥᠪ ᠢ ᠬᠡᠯᠡᠯᠴᠡᠬᠦ᠂ ᠰᠠᠯᠪᠤᠷᠢ ᠶᠢᠨ ᠬᠠᠮᠲᠤ ᠶᠢᠨ ᠠᠵᠢᠯᠯᠠᠭ᠎ᠠ᠂ ᠤᠶᠠᠯᠳᠤᠭ᠎ᠠ ᠬᠣᠯᠪᠣᠭ᠎ᠠ ᠶᠢ ᠪᠡᠬᠢᠵᠢᠭᠦᠯᠬᠦ ᠳᠦ ᠴᠢᠭᠯᠡᠨ᠎ᠡ᠃
ᠡᠨᠡ ᠤᠳᠬ᠎ᠠ ᠪᠠᠷ ᠢᠶᠠᠨ ︽ᠤᠳᠬ᠎ᠠ ᠵᠣᠬᠢᠶᠠᠯ ᠣᠶᠤᠨ ᠰᠠᠨᠠᠭᠠᠨ ᠤ ᠮᠥᠩᠬᠡ ᠶᠢᠨ ᠥᠪ ᠪᠠᠶᠠᠯᠢᠭ︾ ᠰᠡᠳᠦᠪᠲᠦ ᠪᠠᠭ᠎ᠠ ᠬᠤᠷᠠᠯ ᠬᠡᠯᠡᠯᠴᠡᠭᠦᠯᠭᠡ᠂ ᠪᠣᠯᠣᠷ ᠴᠣᠮᠣ ᠶᠢᠨ ᠡᠵᠡᠨ ᠬ∙ᠡᠷᠳᠡᠨᠢᠪᠠᠭᠠᠲᠤᠷ ᠠᠭᠰᠠᠨ ᠤ ᠨᠡᠷᠡᠮᠵᠢᠲᠦ ︽ᠠᠯᠲᠠᠢ ᠶᠢᠨ ᠳᠠᠭᠤᠯᠠᠯ︾ ᠤᠷᠠᠨ ᠵᠣᠬᠢᠶᠠᠯ ᠤᠨ ᠨᠠᠭᠠᠳᠤᠮ᠂ ︽ᠤᠩᠰᠢᠭᠴᠢ᠂ ᠵᠣᠬᠢᠶᠠᠯᠴᠢᠳ ᠤᠨ ᠠᠭᠤᠯᠵᠠᠯᠲᠠ ᠦᠷᠠᠨ ᠦᠭᠡᠰ ᠦᠨ ᠴᠢᠭᠤᠯᠭᠠᠨ︾᠂ ᠤᠷᠠᠨ ᠪᠦᠲᠦᠭᠡᠯ ᠦᠨ ᠠᠶᠠᠯᠠᠯ᠂ ᠨᠡᠷᠡᠲᠦ ᠢᠷᠠᠭᠤ ᠨᠠᠶᠢᠷᠠᠭᠴᠢ᠂ ᠵᠣᠬᠢᠶᠠᠯᠴᠢ ᠯᠤᠪᠰᠠᠩ ᠤᠨ ᠳᠠᠭᠪᠠᠳᠣᠷᠵᠢ ᠠᠭᠰᠠᠨ ᠤ ᠤᠷᠠᠨ ᠪᠦᠲᠦᠭᠡᠯ ᠦᠨ ᠳᠤᠷᠠᠰᠬᠠᠯ ᠳᠤ ᠵᠣᠷᠢᠭᠤᠯᠤᠭᠰᠠᠨ ᠭᠡᠷᠡᠯᠲᠦ ᠬᠥᠰᠢᠭᠡᠨ ᠦ ᠨᠡᠭᠡᠭᠡᠯᠲᠡ ᠶᠢᠨ ᠶᠣᠰᠣᠯᠠᠯ ᠵᠡᠷᠭᠡ ᠨᠢᠭᠡᠳᠦᠭᠰᠡᠨ ᠦᠢᠯᠡ ᠠᠵᠢᠯᠯᠠᠭ᠎ᠠ ᠵᠣᠬᠢᠶᠠᠨ ᠪᠠᠶᠢᠭᠤᠯᠤᠨ᠎ᠠ᠃

ᠰᠡᠳᠬᠢᠭᠳᠡᠯ ᠦᠯᠡᠳᠡᠭᠡᠬᠦ