ᠠᠪᠯᠢᠭ᠎ᠠ ᠶᠢ ᠢᠯᠡᠴᠢᠯᠡᠭᠰᠡᠨ ᠬᠦᠮᠦᠨ ᠳᠦ ᠤᠷᠮᠠᠰᠢᠭᠤᠯᠤᠯ ᠤᠯᠭᠤᠨ᠎ᠠ | News.MN

 ᠠᠪᠯᠢᠭ᠎ᠠ ᠶᠢ ᠢᠯᠡᠴᠢᠯᠡᠭᠰᠡᠨ ᠬᠦᠮᠦᠨ ᠳᠦ ᠤᠷᠮᠠᠰᠢᠭᠤᠯᠤᠯ ᠤᠯᠭᠤᠨ᠎ᠠ

ᠠᠪᠯᠢᠭ᠎ᠠ ᠶᠢᠨ  ᠡᠰᠡᠷᠭᠦ ᠲᠡᠮᠡᠴᠡᠯ ᠢ ᠬᠦᠴᠦᠲᠡᠢ ᠪᠣᠯᠭᠠᠬᠤ᠂ ᠢᠷᠭᠡᠳ᠂ ᠲᠥᠷᠥ ᠶᠢᠨ ᠪᠤᠰᠤ ᠪᠠᠶᠢᠭᠤᠯᠤᠯᠭ᠎ᠠ ᠨᠤᠭᠤᠳ ᠤᠨ ᠰᠠᠨᠠᠭᠠᠴᠢᠯᠠᠭ᠎ᠠ᠂ ᠨᠡᠶᠢᠲᠡ ᠶᠢᠨ ᠣᠷᠣᠯᠴᠠᠭ᠎ᠠ᠂ ᠢᠳᠡᠪᠬᠢ ᠶᠢ ᠳᠡᠮᠵᠢᠨ ᠤᠷᠮᠠᠰᠢᠭᠤᠯᠬᠤ᠂ ᠠᠪᠯᠢᠭ᠎ᠠ ᠶᠢ ᠢᠯᠡᠴᠢᠯᠡᠬᠦ ᠳᠦ ᠡᠳ᠋ ᠦᠨ ᠵᠠᠰᠠᠭ ᠤᠨ ᠬᠥᠰᠢᠭᠦᠷᠭᠡ ᠬᠡᠷᠡᠭᠯᠡᠬᠦ ᠵᠣᠷᠢᠯᠭ᠎ᠠ ᠪᠠᠷ ︽ᠠᠪᠯᠢᠭ᠎ᠠ ᠶᠢᠨ ᠡᠰᠡᠷᠭᠦ ᠬᠠᠤᠯᠢ ᠳᠤ ᠨᠡᠮᠡᠯᠲᠡ ᠤᠷᠤᠭᠤᠯᠬᠤ ᠲᠤᠬᠠᠢ︾ ᠬᠠᠤᠯᠢ ᠶᠢᠨ ᠲᠥᠰᠥᠯ ᠢ ᠤᠯᠤᠰ ᠤᠨ ᠶᠡᠬᠡ ᠬᠤᠷᠠᠯ ᠤᠨ ᠳᠠᠷᠤᠭ᠎ᠠ ᠭ∙ᠽᠠᠨᠳᠠᠨᠰᠢᠲᠠᠷ᠎ᠠ ᠰᠠᠨᠠᠭᠠᠴᠢᠯᠠᠵᠠᠢ᠃
ᠠᠪᠯᠢᠭ᠎ᠠ ᠶᠢᠨ ᠠᠰᠠᠭᠤᠳᠠᠯ ᠢᠶᠠᠷ ᠢᠷᠭᠡᠨ᠂ ᠪᠠᠶᠢᠭᠤᠯᠤᠯᠭ᠎ᠠ ᠠᠴᠠ ᠢᠷᠡᠭᠦᠯᠦᠭᠰᠡᠨ ᠮᠡᠳᠡᠭᠡᠯᠡᠯ ᠬᠠᠤᠯᠢ ᠳᠤ ᠵᠢᠭᠠᠭᠰᠠᠨ ᠵᠢᠷᠤᠮ ᠢᠶᠠᠷ ᠰᠢᠯᠭᠠᠭᠳᠠᠨ᠂ ᠲᠣᠭᠲᠠᠭᠠᠭᠳᠠᠭᠰᠠᠨ ᠪᠣᠯ ᠲᠤᠬᠠᠢ ᠶᠢᠨ ᠠᠰᠠᠭᠤᠳᠠᠯ ᠢ ᠮᠡᠳᠡᠭᠡᠯᠡᠭᠰᠡᠨ ᠡᠲᠡᠭᠡᠳ ᠲᠦ ᠠᠪᠯᠢᠭ᠎ᠠ ᠲᠠᠢ ᠲᠡᠮᠡᠴᠡᠬᠦ ᠭᠠᠵᠠᠷ ᠲᠤ ᠬᠤᠷᠢᠶᠠᠭᠳᠠᠭᠰᠠᠨ ᠪᠡᠯᠡᠨ ᠮᠥᠩᠭᠥ ᠪᠣᠯᠤᠨ ᠡᠳ᠋ ᠬᠥᠷᠥᠩᠭᠡ ᠶᠢᠨ ᠨᠡᠶᠢᠲᠡ ᠦᠨ᠎ᠡ ᠶᠢᠨ ᠳ᠋ᠦᠩ ᠦᠨ 10 ᠬᠤᠪᠢ ᠲᠠᠢ ᠲᠡᠩᠴᠡᠬᠦ ᠬᠡᠮᠵᠢᠶᠡᠨ ᠦ ᠮᠥᠩᠭᠥᠨ ᠤᠷᠮᠠᠰᠢᠭᠤᠯᠤᠯ ᠢ ᠵᠠᠰᠠᠭ ᠤᠨ ᠭᠠᠵᠠᠷ ᠠᠴᠠ ᠲᠣᠭᠲᠠᠭᠠᠭᠰᠠᠨ ᠵᠢᠷᠤᠮ ᠤᠨ ᠳᠠᠭᠠᠤ ᠣᠯᠭᠤᠵᠤ ᠪᠠᠶᠢᠬᠤ ᠪᠠᠷ ᠤᠭ ᠬᠠᠤᠯᠢ ᠶᠢᠨ ᠲᠥᠰᠥᠯ ᠳᠦ ᠲᠤᠰᠬᠠᠵᠠᠢ᠃

ᠰᠡᠳᠬᠢᠭᠳᠡᠯ ᠦᠯᠡᠳᠡᠭᠡᠬᠦ