ᠬᠠᠯᠢᠭᠤᠨ ᠤ ᠪᠣᠯᠣᠳᠪᠠᠭᠠᠲᠤᠷ ᠵᠢᠦ᠋ᠳᠣ᠋ ᠍ ᠳᠤ ᠡᠷᠭᠢᠨ ᠢᠷᠡᠯ᠎ᠡ  | News.MN

ᠬᠠᠯᠢᠭᠤᠨ ᠤ ᠪᠣᠯᠣᠳᠪᠠᠭᠠᠲᠤᠷ ᠵᠢᠦ᠋ᠳᠣ᠋ ᠍ ᠳᠤ ᠡᠷᠭᠢᠨ ᠢᠷᠡᠯ᠎ᠡ 

ᠵᠢᠦ᠋ᠳᠣ᠋ ᠍ ᠶᠢᠨ ᠰᠢᠭᠰᠢᠭᠡ ᠪᠠᠭ ᠤᠨ ᠳᠠᠰᠬᠠᠯᠵᠢᠭᠤᠯᠤᠭᠴᠢᠳ ᠥᠩᠭᠡᠷᠡᠭᠰᠡᠨ ᠳᠣᠯᠣᠭ᠎ᠠ ᠬᠣᠨᠣᠭ ᠲᠤ ᠪᠦᠷᠢᠨ ᠪᠦᠷᠢᠯᠳᠦᠬᠦᠨ ᠢᠶᠡᠷ ᠢᠶᠡᠨ ᠠᠵᠢᠯ ᠢᠶᠠᠨ ᠥᠭᠭᠦᠭᠰᠡᠨ᠃ ᠲᠡᠳᠡᠨ ᠦ ᠣᠷᠣᠨ ᠳᠤ ᠬᠡᠨ ᠣᠴᠢᠬᠤ ᠪᠤᠢ ᠭᠡᠰᠡᠨ ᠲᠠᠭᠠᠮᠠᠭᠯᠠᠯ ᠰᠫᠣᠷᠲ ᠰᠣᠨᠢᠷᠬᠠᠭᠴᠢᠳ ᠤᠨ ᠠᠩᠬᠠᠷᠤᠯ ᠤᠨ ᠲᠥᠪ ᠲᠦ ᠪᠠᠶᠢᠯ᠎ᠠ᠃ ᠲᠡᠭᠡᠪᠡᠯ ᠮᠣᠩᠭᠣᠯ ᠤᠨ ᠵᠢᠦ᠋ᠳᠣ᠋ ᠪᠥᠬᠡ ᠶᠢᠨ ᠰᠢᠭᠰᠢᠭᠡ ᠪᠠᠭ ᠤᠨ ᠠᠬᠠᠯᠠᠬᠤ ᠳᠠᠰᠬᠠᠯᠴᠢᠭᠤᠯᠤᠭᠴᠢ ᠪᠠᠷ ᠭᠠᠪᠢᠶᠠᠲᠤ ᠲᠠᠮᠢᠷᠴᠢᠨ᠂ ᠭᠠᠪᠢᠶᠠᠲᠤ ᠳᠠᠰᠬᠠᠯᠵᠢᠭᠤᠯᠤᠭᠴᠢ ᠬ∙ᠪᠣᠯᠣᠳᠪᠠᠭᠠᠲᠤᠷ ᠢ ᠲᠣᠮᠢᠯᠠᠬᠤ ᠪᠠᠷ ᠪᠣᠯᠵᠠᠢ᠃ ᠲᠡᠷᠡᠪᠡᠷ ᠡᠮᠦᠨ᠎ᠡ ᠨᠢ ᠵᠢᠦ᠋ᠳᠣ᠋ ᠍ ᠶᠢᠨ ᠰᠢᠭᠰᠢᠭᠡ ᠪᠠᠭ ᠢ ᠳᠠᠰᠬᠠᠯᠵᠢᠭᠤᠯᠵᠤ ᠪᠠᠶᠢᠭᠰᠠᠨ ᠲᠤᠷᠰᠢᠯᠭ᠎ᠠ ᠲᠠᠢ ᠨᠢᠭᠡᠨ᠃ ᠲᠡᠷᠡᠪᠡᠷ ᠲᠤᠤᠺᠢᠤ᠋ -2020  ᠤᠯᠢᠮᠫᠢᠺ ᠤᠨ ᠶᠡᠬᠡ ᠨᠠᠭᠠᠳᠤᠮ ᠳᠤ ᠤᠷᠤᠯᠴᠠᠬᠤ ᠮᠣᠩᠭᠣᠯ ᠤᠨ ᠵᠢᠦ᠋ᠳᠣ᠋ ᠍ ᠶᠢᠨ ᠳᠠᠰᠬᠠᠯᠵᠢᠭᠤᠯᠤᠭᠴᠢᠳ ᠤᠨ ᠪᠠᠭ ᠢᠶᠠᠨ ᠥᠪᠡᠷ ᠢᠶᠡᠨ ᠪᠦᠷᠢᠳᠦᠭᠦᠯᠬᠦ ᠪᠡᠷ ᠪᠣᠯᠵᠠᠢ᠃
ᠨ∙ᠲᠦᠪᠰᠢᠨᠪᠠᠶᠠᠷ ᠲᠡᠷᠢᠭᠦᠲᠡᠢ ᠮᠣᠩᠭᠣᠯ ᠤᠨ ᠵᠢᠦ᠋ᠳᠣ᠋ ᠪᠥᠬᠡ ᠶᠢᠨ ᠲᠠᠮᠢᠷᠴᠢᠳ ᠶᠠᠫᠣᠨ ᠤ ᠣᠰᠠᠺᠠ ᠬᠤᠲᠠ ᠳᠤ ᠵᠣᠬᠢᠶᠠᠨ ᠪᠠᠶᠢᠭᠤᠯᠤᠭᠳᠠᠭᠰᠠᠨ ᠵᠢᠦ᠋ᠳᠣ᠋ ᠪᠥᠬᠡ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠨᠠᠢᠮᠠᠳᠤᠭᠠᠷ ᠰᠠᠷ᠎ᠠ ᠶᠢᠨ 25 ᠍ ᠠᠴᠠ ᠶᠢᠰᠦᠳᠦᠭᠡᠷ ᠰᠠᠷ᠎ᠠ ᠶᠢᠨ 1 ᠬᠦᠷᠲᠡᠯ᠎ᠡ ᠣᠷᠣᠯᠴᠠᠭᠰᠠᠨ᠃ ᠬᠠᠷᠠᠮᠰᠠᠯᠲᠠᠢ ᠨᠢ᠂ ᠮᠣᠩᠭᠣᠯ ᠤᠯᠤᠰ ᠤᠨ ᠲᠠᠮᠢᠷᠴᠢᠳ ᠠᠴᠠ ᠮ∙ᠦᠷᠠᠨᠴᠡᠴᠡᠭ ᠬᠦᠷᠡᠯ ᠮᠧᠳᠠᠯ ᠬᠦᠷᠲᠡᠵᠦ᠂ ᠪᠤᠰᠤᠳ ᠨᠢ ᠮᠧᠳᠠᠯ ᠦᠭᠡᠢ ᠢᠷᠡᠭᠰᠡᠨ ᠲᠤᠯᠠ ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ ᠰᠢᠭᠰᠢᠭᠡ ᠪᠠᠭ ᠤᠨ ᠳᠠᠰᠬᠠᠯᠵᠢᠭᠤᠯᠤᠭᠴᠢᠳ ᠢ ᠬᠠᠷᠢᠭᠤᠴᠠᠯᠭ᠎ᠠ ᠪᠠᠨ ᠬᠦᠯᠢᠶᠡᠨ᠂ ᠠᠵᠢᠯ ᠢᠶᠠᠨ ᠬᠦᠯᠢᠶᠡᠯᠭᠡᠨ ᠥᠭᠬᠦ ᠶᠢ ᠱᠠᠭᠠᠷᠳᠠᠭᠰᠠᠨ ᠠᠵᠠᠢ᠃

ᠰᠡᠳᠬᠢᠭᠳᠡᠯ ᠦᠯᠡᠳᠡᠭᠡᠬᠦ