ᠰ∙ᠡᠷᠳᠡᠨᠢᠪᠣᠯᠣᠳ᠄ ᠠᠷᠠᠳᠴᠢᠯᠠᠯ  ᠠᠯᠢ ᠨᠢᠭᠡ ᠨᠠᠮ ᠤᠨ ᠬᠢ ᠪᠢᠰᠢ  | News.MN

ᠰ∙ᠡᠷᠳᠡᠨᠢᠪᠣᠯᠣᠳ᠄ ᠠᠷᠠᠳᠴᠢᠯᠠᠯ  ᠠᠯᠢ ᠨᠢᠭᠡ ᠨᠠᠮ ᠤᠨ ᠬᠢ ᠪᠢᠰᠢ 

ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠠᠴᠠ ᠵᠠᠷᠯᠠᠭᠰᠠᠨ ᠣᠯᠠᠨ ᠤᠯᠤᠰ ᠤᠨ ᠠᠷᠠᠳᠴᠢᠯᠠᠯ ᠤᠨ ᠡᠳᠦᠷ ᠢ ᠮᠠᠨ ᠤ ᠤᠯᠤᠰ ᠥᠨᠥᠳᠥᠷ ᠲᠡᠮᠳᠡᠭᠯᠡᠵᠦ ᠪᠠᠶᠢᠨ᠎ᠠ᠃ ᠠᠷᠠᠳᠴᠢᠯᠠᠭᠰᠠᠨ ᠵᠠᠯᠠᠭᠤᠴᠤᠳ ᠤᠨ ᠬᠣᠯᠪᠣᠭᠠᠨ ᠤ ᠶᠡᠷᠦᠩᠬᠡᠶᠢᠯᠡᠭᠴᠢ ᠰ∙ᠡᠷᠳᠡᠨᠢᠪᠣᠯᠣᠳ ︽ᠮᠣᠩᠭᠣᠯ ᠤᠯᠤᠰ-ᠠᠷᠠᠳᠴᠢᠯᠠᠯ ᠤᠨ ᠵᠠᠮ ᠢᠶᠠᠷ 30 ᠵᠢᠯ︾᠂ ︽ᠠᠷᠠᠳᠴᠢᠯᠠᠯ ᠪᠢᠳᠡᠨ ᠳᠦ ᠶᠠᠭᠤ ᠥᠭᠭᠦᠭᠰᠡᠨ ᠪᠤᠢ︾ ᠰᠡᠳᠦᠪᠲᠤ ᠣᠨᠣᠯ ᠫᠷᠠᠺᠲ᠋ᠢᠭ ᠤᠨ ᠬᠤᠷᠠᠯ ᠤᠨ ᠵᠣᠬᠢᠶᠠᠨ ᠪᠠᠶᠢᠭᠤᠯᠤᠭᠴᠢ ᠪᠠᠷ ᠠᠵᠢᠯᠯᠠᠭᠰᠠᠨ ᠶᠤᠮ᠃
ᠲᠡᠷᠡ ᠪᠡᠷ᠄ ᠠᠷᠠᠳᠴᠢᠯᠠᠯ ᠢ ᠪᠢ ᠳᠤᠭᠤᠢ ᠤᠨᠤᠵᠤ ᠪᠤᠢ ᠬᠦᠮᠦᠨ ᠲᠠᠢ ᠵᠦᠢᠷᠯᠡᠵᠦ ᠪᠣᠳᠣᠳᠠᠭ᠃ ᠲᠡᠩᠴᠡᠪᠦᠷᠢ ᠠᠯᠳᠠᠪᠠᠯ ᠤᠨᠠᠬᠤ ᠳᠤ ᠠᠮᠠᠷᠬᠠᠨ᠃ ᠲᠣᠳᠣᠷᠬᠠᠢ ᠬᠡᠮᠵᠢᠶ᠎ᠡ ᠪᠡᠷ ᠵᠢᠭᠳᠡ ᠶᠠᠪᠤᠪᠠᠯ ᠲᠡᠩᠴᠡᠪᠦᠷᠢ ᠪᠡᠨ ᠣᠯᠳᠠᠭ ᠲᠡᠶᠢᠮᠦ ᠯᠠ ᠵᠦᠢᠯ ᠃ ᠶᠡᠬᠡ ᠪᠷᠢᠲ᠋ᠠᠨ ‍ᠣ ᠬᠠᠮᠤᠭ ᠤᠨ ᠵᠠᠯᠠᠭᠤ ᠳᠤ ᠪᠠᠨ ᠶᠡᠷᠦᠩᠬᠡᠢ ᠰᠠᠶᠢᠳ ᠪᠣᠯᠵᠤ ᠪᠠᠶᠢᠭᠰᠠᠨ ᠸᠢᠯᠢᠨ ᠹᠢᠲ ᠭᠡᠳᠡᠭ ᠬᠦᠮᠦᠨ ︽ᠬᠠᠤᠯᠢ ᠶᠣᠰᠣ ᠬᠡᠵᠢᠶ᠎ᠡ ᠬᠡᠷᠡᠭᠵᠢᠬᠦ ᠪᠡᠨ ᠪᠣᠯᠢᠨ᠎ᠠ᠂ ᠲᠡᠷᠡ ᠮᠥᠴᠡ ᠳᠦ ᠳᠠᠷᠤᠩᠭᠤᠶᠢᠯᠠᠯ ᠲᠣᠭᠲᠠᠨ᠎ᠠ︾ ᠭᠡᠵᠦ ᠬᠡᠯᠡᠭᠰᠡᠨ ᠪᠠᠶᠢᠳᠠᠭ᠃ ᠲᠡᠶᠢᠮᠦ ᠡᠴᠡ ︽ᠠᠷᠠᠳᠴᠢᠯᠠᠯ︾ ᠭᠡᠳᠡᠭ ᠦᠭᠡ ᠶᠢᠨ ᠠᠷᠤ ᠳᠤ ︽ᠬᠠᠤᠯᠢ ᠶᠣᠰᠣ︾ ᠭᠡᠵᠦ ᠪᠢᠴᠢᠭᠳᠡᠳᠡᠭ ᠪᠠᠶᠢᠨ᠎ᠠ᠃ ᠬᠠᠤᠯᠢ ᠪᠠᠨ ᠳᠣᠲᠣᠷ᠎ᠠ ᠨᠢ ᠵᠠᠳᠠᠯᠬᠤ ᠪᠠᠷ ᠬᠦᠮᠦᠨ ᠦ ᠡᠷᠬᠡ᠂ ᠴᠢᠯᠦᠭᠡ ᠭᠡᠰᠡᠨ ᠪᠤᠰᠤᠳ ᠵᠦᠢᠯ ᠨᠢ ᠪᠤᠢ᠃ ᠥᠨᠥᠳᠥᠷ ᠠᠷᠠᠳᠴᠢᠯᠠᠯ ᠭᠠᠭᠴᠠ ᠮᠣᠩᠭᠣᠯ ᠳᠤ ᠪᠤᠰᠤ᠂ ᠳᠡᠯᠡᠬᠡᠢ ᠳᠠᠶᠠᠭᠠᠷ ᠰᠣᠷᠢᠯᠲᠠ ᠲᠠᠢ ᠲᠤᠯᠭᠠᠷᠠᠵᠤ ᠪᠠᠶᠢᠨ᠎ᠠ᠃ ᠮᠠᠨ ᠤ ᠤᠯᠤᠰ ᠲᠠᠢ ᠠᠳᠠᠯᠢ ᠨᠢᠭᠡ ᠰᠢᠰᠲ᠋ᠧᠮ ᠳᠦ ᠪᠠᠶᠢᠭᠰᠠᠨ ᠵᠡᠭᠦᠨ ᠧᠦ᠋ᠷᠣᠫᠠ ᠶᠢᠨ ᠣᠷᠣᠨ ᠨᠤᠭᠤᠳ ᠠᠴᠠ ᠡᠬᠢᠯᠡᠭᠡᠳ ᠠᠷᠠᠳᠴᠢᠯᠠᠯ ᠤᠨ ᠡᠴᠢᠭᠡ ᠣᠷᠣᠨ ᠤ ᠨᠢᠭᠡ ᠭᠡᠭᠳᠡᠳᠡᠭ ᠠᠮᠧᠷᠢᠺᠠ ᠳᠤ ᠴᠤ ᠲᠡᠷᠡ ᠥᠪᠡᠷ ᠥᠪᠡᠷ ᠦᠨ ᠢᠶᠡᠨ ᠬᠥᠭᠵᠢᠯ ᠦᠨ ᠱᠠᠲᠤᠨ ᠳᠤ ᠰᠢᠨ᠎ᠡ ᠰᠣᠷᠢᠯᠲᠠ ᠨᠤᠭᠤᠳ ᠲᠠᠢ ᠲᠤᠯᠭᠠᠷᠠᠵᠤ ᠪᠠᠶᠢᠨ᠎ᠠ᠃ ᠲᠠ ᠪᠦᠬᠦᠨ ᠶᠡᠬᠡ  ᠪᠷᠢᠲ᠋ᠠᠨ ᠤ ᠶᠡᠷᠦᠩᠬᠡᠢ ᠰᠠᠶᠢᠳ ᠠᠭᠰᠠᠨ ᠤ᠊∙ᠴᠧᠷᠴᠢᠯᠯᠢ ᠶᠢᠨ ᠬᠡᠯᠡᠭᠰᠡᠨ᠂ ︽ᠠᠷᠠᠳᠴᠢᠯᠠᠯ ᠭᠡᠵᠦ ᠲᠡᠭᠦᠰ ᠲᠣᠭᠲᠠᠯᠴᠠᠭ᠎ᠠ ᠪᠢᠰᠢ᠃ ᠭᠡᠬᠦ ᠳᠦ ᠪᠡᠨ ᠬᠦᠮᠦᠨ ᠲᠥᠷᠥᠯᠬᠢᠲᠡᠨ ᠡᠭᠦᠨ ᠡᠴᠡ ᠢᠯᠡᠭᠦᠦ ᠶᠢ ᠣᠯᠤᠭ᠎ᠠ ᠦᠭᠡᠢ ᠪᠠᠶᠢᠨ᠎ᠠ︾ ᠭᠡᠰᠡᠨ ᠤᠳᠬ᠎ᠠ ᠪᠦᠬᠦᠢ ᠦᠭᠡ ᠶᠢ ᠰᠠᠶᠢᠨ ᠮᠡᠳᠡᠨ᠎ᠡ᠃ ᠲᠡᠶᠢᠮᠦ ᠡᠴᠡ ᠠᠷᠠᠳᠴᠢᠯᠠᠯ ᠤᠨ ᠭᠣᠣᠯ ᠠᠮᠢᠨ ᠰᠦᠨᠡᠰᠦ ᠨᠢ ᠬᠤᠪᠢ ᠬᠦᠮᠦᠨ ᠢᠶᠡᠷ ᠪᠤᠰᠤ᠂ ᠬᠠᠤᠯᠢ ᠪᠠᠷ ᠤᠳᠤᠷᠢᠳᠳᠠᠭ ᠵᠠᠰᠠᠭᠯᠠᠯ ᠤᠨ ᠲᠣᠭᠲᠠᠪᠤᠷᠢᠲᠠᠢ ᠪᠠᠶᠢᠳᠠᠯ ᠢ ᠬᠡᠯᠡᠳᠡᠭ ᠪᠠᠶᠢᠨ᠎ᠠ ᠭᠡᠪᠡ᠃

ᠰᠡᠳᠬᠢᠭᠳᠡᠯ ᠦᠯᠡᠳᠡᠭᠡᠬᠦ