ᠲᠤᠰᠢᠶᠠᠭᠰᠠᠨ ᠠᠯᠲᠠᠨ ᠤ 70 ᠬᠤᠪᠢ ᠶᠢ ᠢᠷᠭᠡᠳ ᠨᠡᠶᠢᠯᠡᠭᠦᠯᠵᠡᠢ  | News.MN

ᠲᠤᠰᠢᠶᠠᠭᠰᠠᠨ ᠠᠯᠲᠠᠨ ᠤ 70 ᠬᠤᠪᠢ ᠶᠢ ᠢᠷᠭᠡᠳ ᠨᠡᠶᠢᠯᠡᠭᠦᠯᠵᠡᠢ 

ᠪᠠᠶᠠᠨᠬᠣᠩᠭᠣᠷ ᠠᠶᠢᠮᠠᠭ ᠳᠠᠬᠢ ᠠᠯᠲᠠ ᠰᠣᠷᠢᠴᠠᠯᠠᠬᠤ ᠬᠢᠨᠠᠯᠲᠠ ᠶᠢᠨ ᠯᠠᠪᠤᠷᠠᠲ᠋ᠤᠷᠢ ᠡᠨᠡ ᠣᠨ ᠤ ᠶᠢᠰᠦᠳᠦᠭᠡᠷ ᠰᠠᠷ᠎ᠠ ᠶᠢᠨ ᠪᠠᠶᠢᠳᠠᠯ ᠢᠶᠠᠷ 450 ᠣᠷᠴᠢᠮ ᠺᠢᠯᠦᠭᠷᠡᠮ ᠠᠯᠲᠠ ᠶᠢ ᠮᠣᠩᠭᠣᠯ ᠪᠠᠩᠬᠢᠨ ᠳᠤ ᠲᠤᠰᠢᠶᠠᠵᠠᠢ᠃
ᠨᠡᠶᠢᠲᠡ ᠳᠦ ᠪᠡᠨ 390 ᠣᠷᠴᠢᠮ ᠠᠯᠲᠠᠨ ᠭᠤᠯᠳᠤᠮᠠᠢ ᠶᠢ ᠬᠡᠪᠯᠡᠵᠦ᠂ ᠰᠣᠷᠢᠴᠠ ᠶᠢᠨ ᠰᠢᠨᠵᠢᠯᠡᠭᠡ ᠬᠢᠭᠰᠡᠨ ᠪᠥᠭᠡᠳ ᠡᠨᠡ ᠲᠣᠭ᠎ᠠ ᠬᠡᠮᠵᠢᠶ᠎ᠡ ᠢᠷᠡᠬᠦ ᠬᠣᠶᠠᠷ ᠰᠠᠷ᠎ᠠ ᠶᠢᠨ ᠬᠤᠭᠤᠴᠠᠭᠠᠨ ᠳᠤ ᠥᠰᠬᠦ ᠬᠠᠨᠳᠤᠯᠭ᠎ᠠ ᠲᠠᠢ ᠪᠠᠶᠢᠭ᠎ᠠ  ᠶᠤᠮ ᠃ᠡᠨᠡ ᠣᠨ ᠳᠤ ᠲᠤᠰ ᠯᠠᠪᠤᠷᠠᠲ᠋ᠣᠷᠢ ᠪᠠᠷ ᠦᠢᠯᠡᠴᠢᠯᠡᠭᠦᠯᠵᠦ ᠪᠤᠢ  ᠺᠤᠮᠫᠠᠨᠢ᠍ ᠶᠢᠨ ᠲᠣᠭ᠎ᠠ ᠠᠷᠪᠠ ᠪᠣᠯᠤᠭᠰᠠᠨ ᠪᠣᠯ ᠨᠡᠶᠢᠲᠡ ᠲᠤᠰᠢᠶᠠᠭᠰᠠᠨ ᠠᠯᠲᠠᠨ ᠤ 70 ᠬᠤᠪᠢ ᠶᠢ ᠢᠷᠭᠡᠳ ᠨᠡᠶᠢᠯᠡᠭᠦᠯᠵᠡᠢ᠃ ᠲᠤᠰᠢᠶᠠᠭᠰᠠᠨ ᠠᠯᠲᠠ ᠶᠢ ᠠᠷᠠᠯᠵᠢᠶᠠᠨ ᠤ ᠬᠣᠶᠠᠷ ᠪᠠᠩᠬᠢ ᠪᠠᠷ ᠳᠠᠮᠵᠢᠭᠤᠯᠤᠨ᠂ ᠲᠤᠬᠠᠢ ᠶᠢᠨ ᠡᠳᠦᠷ ᠦᠨ ᠬᠠᠩᠰᠢ ᠪᠠᠷ ᠮᠣᠩᠭᠣᠯ ᠪᠠᠩᠬᠢᠨ ᠳᠤ ᠲᠤᠰᠢᠶᠠᠳᠠᠭ ᠪᠠᠶᠢᠨ᠎ᠠ᠃

ᠰᠡᠳᠬᠢᠭᠳᠡᠯ ᠦᠯᠡᠳᠡᠭᠡᠬᠦ