ᠤᠯᠠᠭᠠᠨ ᠪᠤᠭᠤᠳᠠᠢ ᠶᠢᠨ ᠤᠷᠮᠠᠰᠢᠭᠤᠯᠤᠯ ᠢ ᠨᠡᠮᠡᠭᠳᠡᠭᠦᠯᠦᠯ᠎ᠡ  | News.MN

ᠤᠯᠠᠭᠠᠨ ᠪᠤᠭᠤᠳᠠᠢ ᠶᠢᠨ ᠤᠷᠮᠠᠰᠢᠭᠤᠯᠤᠯ ᠢ ᠨᠡᠮᠡᠭᠳᠡᠭᠦᠯᠦᠯ᠎ᠡ 

ᠶᠡᠷᠦᠩᠬᠡᠢ ᠰᠠᠶᠢᠳ ᠤ᠊∙ᠬᠦᠷᠡᠯᠰᠦ᠋ᠬᠡ᠂ ᠬᠦᠨᠡᠰᠦ ᠬᠥᠳᠡᠭᠡ ᠠᠵᠤ ᠠᠬᠤᠢ ᠬᠥᠩᠭᠡᠨ ᠦᠢᠯᠡᠳᠪᠦᠷᠢ ᠶᠢᠨ ᠰᠠᠶᠢᠳ ᠴ∙ᠤᠯᠠᠭᠠᠨ᠂ ᠤᠯᠤᠰ ᠤᠨ ᠬᠤᠷᠠᠯ ᠤᠨ ᠭᠡᠰᠢᠭᠦᠨ ᠬ∙ᠪᠣᠯᠣᠷᠴᠢᠯᠠᠭᠤᠨ ᠨᠠᠷ ᠡᠨᠡ ᠠᠮᠠᠷᠠᠯᠲᠠ ᠶᠢᠨ ᠡᠳᠦᠷ ᠦᠳ ᠲᠦ ᠭᠠᠵᠠᠷ ᠲᠠᠷᠢᠶᠠᠯᠠᠩ ᠤᠨ ᠪᠥᠰᠡ ᠨᠤᠲᠤᠭ ᠲᠥᠪ᠂ ᠰᠡᠯᠡᠩᠭᠡ ᠠᠶᠢᠮᠠᠭ ᠲᠤ ᠠᠵᠢᠯᠯᠠᠵᠤ ᠪᠠᠶᠢᠨ᠎ᠠ᠃ ᠶᠡᠷᠦᠩᠬᠡᠢ ᠰᠠᠶᠢᠳ ᠲᠡᠷᠢᠭᠦᠲᠡᠢ ᠠᠯᠪᠠᠨ ᠤ ᠬᠦᠮᠦᠰ ᠥᠨᠥᠳᠥᠷ ᠲᠥᠪ ᠠᠶᠢᠮᠠᠭ ᠤᠨ ᠤᠭᠳᠤᠭᠠᠯᠴᠠᠶᠢᠳᠠᠮ ᠰᠤᠮᠤ ᠶᠢᠨ ︽ᠡᠯᠡᠰᠦᠨ ᠴᠠᠭᠠᠨ︾ ᠺᠤᠮᠫᠠᠨᠢ᠂ ᠰᠡᠯᠡᠩᠭᠡ ᠠᠶᠢᠮᠠᠭ ᠤᠨ ᠣᠷᠬᠣᠨ ᠲᠤᠤᠯᠠ ᠰᠤᠮᠤ ᠶᠢᠨ ︽ᠠᠭᠷᠣ ᠰᠢᠮ᠎ᠡ ︾  ᠺᠤᠮᠫᠠᠨᠢ ᠍ ᠶᠢᠨ ᠲᠠᠷᠢᠶᠠᠨ ᠲᠠᠯᠠᠪᠠᠢ ᠪᠠᠷ ᠵᠣᠴᠢᠯᠠᠵᠤ ᠤᠷᠭᠤᠴᠠ ᠬᠤᠷᠢᠶᠠᠯᠲᠠ ᠶᠢᠨ ᠶᠠᠪᠤᠴᠠ ᠪᠠᠶᠢᠳᠠᠯ ᠲᠠᠢ ᠲᠠᠨᠢᠯᠴᠠᠯ᠎ᠠ᠃ ᠬᠦᠨᠡᠰᠦ ᠬᠦᠳᠡᠭᠡ ᠠᠵᠤ ᠠᠬᠤᠢ ᠶᠢᠨ ᠰᠠᠶᠢᠳ ᠤᠨ ᠲᠠᠨᠢᠯᠴᠠᠭᠤᠯᠤᠭᠰᠠᠨ ᠢᠶᠠᠷ᠂ ᠡᠨᠡ ᠵᠢᠯ ᠦᠨ ᠬᠤᠪᠢ ᠳᠤ ᠪᠤᠯᠠᠭᠠᠨ᠂ ᠬᠥᠪᠰᠥᠭᠥᠯ᠂ ᠣᠷᠬᠣᠨ᠂ ᠠᠷᠤᠬᠠᠩᠭᠠᠢ᠂ ᠥᠪᠦᠷᠬᠠᠩᠭᠠᠢ᠂ ᠤᠪᠰᠤ ᠪᠣᠯᠤᠨ ᠰᠡᠯᠡᠩᠭᠡ ᠠᠶᠢᠮᠠᠭ ᠤᠨ ᠵᠠᠷᠢᠮ ᠰᠤᠮᠤᠳ ᠤᠨ ᠨᠤᠲᠤᠭ ᠢᠶᠠᠷ ᠤᠷᠭᠤᠴᠠ ᠶᠢᠨ ᠪᠠᠶᠢᠳᠠᠯ ᠬᠡᠪ ᠦᠨ ᠪᠠᠶᠢᠭ᠎ᠠ ᠪᠣᠯ ᠲᠥᠪ᠂ ᠳᠠᠷᠬᠠᠨ-ᠠᠭᠤᠯᠠ᠂ ᠳᠣᠷᠣᠨᠠᠲᠤ᠂ ᠬᠡᠨᠲᠡᠢ᠂ ᠰᠦᠬᠡᠪᠠᠭᠠᠲᠤᠷ ᠪᠣᠯᠤᠨ ᠰᠡᠯᠡᠩᠭᠡ ᠠᠶᠢᠮᠠᠭ ᠤᠨ  ᠵᠠᠷᠢᠮ ᠰᠤᠮᠤ ᠳᠤ ᠲᠣᠬᠢᠶᠠᠯᠳᠤᠭᠰᠠᠨ ᠭᠠᠩ ᠤᠨ ᠤᠯᠠᠮ ᠠᠴᠠ ᠡᠨᠡ ᠪᠥᠰᠡ ᠨᠤᠲᠤᠭ ᠤᠳ ᠲᠤ ᠬᠤᠷᠢᠶᠠᠯᠲᠠ ᠪᠠᠭ᠎ᠠ ᠵᠡᠷᠭᠡ ᠪᠠᠭᠤᠷᠠᠬᠤ ᠪᠠᠷ ᠪᠠᠶᠢᠭ᠎ᠠ ᠶᠤᠮ ᠪᠠᠶᠢᠨ᠎ᠠ᠃

ᠡᠨᠡ ᠵᠢᠯ ᠤᠯᠤᠰ ᠤᠨ ᠬᠡᠮᠵᠢᠶᠡᠨ ᠳᠦ 340 ᠮᠢᠩᠭ᠎ᠠ ᠭᠠ ᠳᠦ ᠦᠷ᠎ᠡ ᠲᠠᠷᠢᠶ᠎ᠠ ᠲᠠᠷᠢᠶᠠᠯᠠᠭᠰᠠᠨ ᠪᠥᠭᠡᠳ 400 ᠮᠢᠩᠭ᠎ᠠ ᠣᠷᠴᠢᠮ ᠲᠣᠨ ᠤᠯᠠᠭᠠᠨ ᠪᠤᠭᠤᠳᠠᠢ ᠬᠤᠷᠢᠶᠠᠬᠤ ᠪᠠᠷ ᠲᠥᠯᠥᠪᠯᠡᠵᠡᠢ᠃ ᠶᠡᠷᠦᠩᠬᠡᠢ ᠰᠠᠶᠢᠳ ᠤ᠊∙ᠬᠦᠷᠡᠯᠰᠦ᠋ᠬᠡ᠂ ᠭᠤᠯᠢᠷ ᠤᠨ ᠦᠨ᠎ᠡ ᠶᠢ ᠲᠣᠭᠲᠠᠪᠤᠷᠢᠲᠠᠢ ᠪᠠᠶᠢᠯᠭᠠᠬᠤ᠂ ᠬᠠᠩᠭᠠᠮᠵᠢ ᠶᠢ ᠰᠠᠶᠢᠵᠢᠷᠠᠭᠤᠯᠬᠤ ᠡᠭᠦᠳᠡᠨ ᠡᠴᠡ ᠤᠯᠠᠭᠠᠨ ᠪᠤᠭᠤᠳᠠᠢ ᠶᠢᠨ ᠤᠷᠮᠠᠰᠢᠭᠤᠯᠤᠯ ᠢ ᠲᠣᠨ ᠲᠤᠲᠤᠮ ᠳᠤ ᠨᠢ 50 ᠮᠢᠩᠭᠠᠨ ᠲᠥᠭᠥᠷᠢᠭ ᠢᠶᠡᠷ ᠲᠣᠭᠠᠴᠠᠨ ᠣᠯᠭᠤᠵᠤ ᠢᠷᠡᠭᠰᠡᠨ ᠢ ᠡᠨᠡ ᠵᠢᠯ ᠦᠨ ᠨᠥᠬᠥᠴᠡᠯ ᠪᠠᠶᠢᠳᠠᠯ ᠲᠠᠷᠢᠶᠠᠯᠠᠩᠴᠢᠳ ᠤᠨ ᠬᠦᠰᠡᠯᠲᠡ ᠶᠢᠨ ᠳᠠᠭᠠᠤ ᠤᠯᠠᠭᠠᠨ ᠪᠤᠭᠤᠳᠠᠢ ᠶᠢᠨ ᠤᠷᠮᠠᠰᠢᠭᠤᠯᠤᠯ ᠢ 50 ᠮᠢᠩᠭᠠᠨ ᠲᠥᠭᠥᠷᠢᠭ ᠢᠶᠡᠷ ᠨᠡᠮᠡᠵᠦ᠂ 100 ᠮᠢᠩᠭ᠎ᠠ ᠳᠦ ᠬᠦᠷᠭᠡᠨ᠎ᠡ ᠭᠡᠳᠡᠭ ᠢᠶᠡᠨ ᠮᠡᠳᠡᠭᠳᠡᠯ᠎ᠡ᠃

ᠰᠡᠳᠬᠢᠭᠳᠡᠯ ᠦᠯᠡᠳᠡᠭᠡᠬᠦ