ᠰᠣᠯᠣᠩᠭᠣᠰ ᠳ᠋ᠷᠠᠮ ᠵᠢᠷᠤᠭ ᠠᠪᠤᠯᠲᠠ ᠪᠠᠨ ᠮᠣᠩᠭᠣᠯ ᠳᠤ ᠬᠢᠨ᠎ᠡ  | News.MN

ᠰᠣᠯᠣᠩᠭᠣᠰ ᠳ᠋ᠷᠠᠮ ᠵᠢᠷᠤᠭ ᠠᠪᠤᠯᠲᠠ ᠪᠠᠨ ᠮᠣᠩᠭᠣᠯ ᠳᠤ ᠬᠢᠨ᠎ᠡ 

ᠡᠮᠦᠨᠡᠲᠦ ᠰᠣᠯᠣᠩᠭᠣᠰ ᠤᠨ ᠨᠢᠭᠡᠨ ᠰᠣᠨᠢᠷᠬᠠᠯᠲᠠᠢ ᠲᠸᠯᠸᠢᠰ ᠦᠨ ᠴᠤᠪᠤᠷᠠᠯ ︵ᠳ᠋ᠷᠠᠮ︶ ᠵᠢᠷᠤᠭ ᠠᠪᠤᠯᠲᠠ ᠪᠠᠨ ᠮᠣᠩᠭᠣᠯ ᠳᠤ ᠬᠢᠬᠦ ᠪᠡᠷ ᠪᠣᠯᠤᠭᠰᠠᠨ ᠢ ᠮᠡᠳᠡᠭᠳᠡᠵᠡᠢ᠃ ᠵᠦᠴᠦᠭᠡᠴᠢᠨ ᠾᠸᠶᠤᠨ ᠪᠢᠩ ᠪᠣᠯᠤᠨ ᠰᠣᠨ ᠶᠸ ᠵᠢᠩ ᠨᠠᠷ ᠤᠨ ᠭᠣᠣᠯ ᠳᠦᠷᠢ ᠶᠢ ᠨᠢ ᠪᠦᠲᠦᠭᠡᠵᠦ ᠪᠤᠢ ᠷᠣᠮᠠᠨᠲ᠋ᠢᠭ ᠳ᠋ᠷᠠᠮ ᠤᠨ ᠵᠢᠷᠤᠭ ᠠᠪᠤᠯᠲᠠ ᠢᠷᠡᠬᠦ ᠳᠣᠯᠣᠭ᠎ᠠ ᠬᠣᠨᠣᠭ ᠲᠤ ᠮᠣᠩᠭᠣᠯ ᠳᠤ ᠬᠢᠭᠳᠡᠬᠦ ᠶᠤᠮ᠃
ᠡᠮᠦᠨᠡᠲᠦ ᠰᠣᠯᠣᠩᠭᠣᠰ ᠤᠨ tvN ᠲᠸᠯᠸᠢᠰ ᠤᠨ ᠠᠮᠠᠷᠠᠯᠲᠠ ᠶᠢᠨ ᠡᠳᠦᠷ ᠦᠳ ᠲᠦ ᠦᠵᠡᠭᠴᠢᠳ ᠲᠦ ᠬᠦᠷᠬᠦ  ︽ᠬᠠᠶᠢᠷ᠎ᠠ ᠶᠢᠨ ᠣᠰᠣᠯ ᠤᠨ ᠪᠠᠭᠤᠯᠲᠠ︾ ᠭᠡᠬᠦ ᠨᠡᠷ᠎ᠡ ᠲᠡᠢ ᠺᠢᠨᠣᠨ ᠳᠤ ᠪᠠᠶᠠᠨ ᠥᠪ ᠵᠠᠯᠭᠠᠮᠵᠢᠯᠠᠭᠴᠢ ᠪᠦᠰᠡᠭᠦᠢ ᠪᠣᠯᠤᠨ ᠬᠤᠶᠢᠳᠤ ᠰᠣᠯᠣᠩᠭᠣᠰ ᠤᠨ ᠣᠹᠢᠼᠧᠷ ᠬᠣᠶᠠᠷ ᠤᠨ ᠬᠠᠶᠢᠷ᠎ᠠ ᠳᠤᠷᠠᠯᠠᠯ ᠤᠨ ᠲᠤᠬᠠᠢ ᠦᠭᠦᠯᠡᠳᠡᠭ ᠪᠠᠶᠢᠨ᠎ᠠ᠃ ᠴᠤᠪᠤᠷᠠᠯ ᠤᠨ ᠦᠢᠯᠡ ᠶᠠᠪᠤᠳᠠᠯ ᠰᠣᠨ ᠶᠸ ᠵᠢᠩ ᠰᠢᠬᠦᠷ ᠢᠶᠡᠷ ᠨᠢᠰᠴᠦ ᠪᠠᠶᠢᠭᠠᠳ ᠬᠤᠶᠢᠳᠤ ᠰᠣᠯᠣᠩᠭᠣᠰ ᠤᠨ ᠲᠠᠯ᠎ᠠ ᠳᠤ ᠣᠰᠣᠯ ᠤᠨ ᠪᠠᠭᠤᠯᠲᠠ ᠬᠢᠳᠡᠭ ᠪᠠ ᠾᠸᠶᠤᠨ ᠪᠢᠩ ᠲᠡᠭᠦᠨ ᠢ ᠬᠠᠮᠠᠭᠠᠯᠠᠵᠤ᠂ ᠨᠢᠭᠤᠴᠠᠯᠠᠬᠤ ᠶᠢᠨ ᠲᠥᠯᠥᠭᠡ ᠪᠦᠬᠦᠨ ᠢ ᠬᠢᠵᠦ ᠪᠤᠢ ᠪᠠᠷ ᠥᠷᠨᠢᠳᠡᠭ ᠠᠵᠠᠢ ᠃

ᠰᠡᠳᠬᠢᠭᠳᠡᠯ ᠦᠯᠡᠳᠡᠭᠡᠬᠦ