ᠣᠷᠣᠰ ᠤᠨ ᠬᠣᠯᠪᠣᠭᠠᠨ ᠤ ᠲᠣᠭᠣᠷᠢᠭ ᠲᠤ 2 ᠵᠢᠯ ᠲᠤᠲᠤᠮ ᠵᠣᠬᠢᠶᠠᠨ ᠪᠠᠶᠢᠭᠤᠯᠤᠭᠳᠠᠳᠠᠭ ᠰᠣᠨᠢᠷᠬᠠᠭᠴᠢᠳ ᠤᠨ ᠪᠣᠺᠰ ᠤᠨ ᠬᠤᠷᠢᠳᠠᠬᠢ ᠤᠳᠠᠭ᠎ᠠ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦᠷᠭᠦᠯᠵᠢᠯᠡᠵᠦ ᠪᠠᠶᠢᠨ᠎ᠠ᠃ ᠥᠴᠥᠭᠡᠳᠦᠷ ︵9 ᠰᠠᠷ᠎ᠠ ᠶᠢᠨ 14︶ ᠲᠡᠮᠡᠴᠡᠭᠡᠨ ᠦ ᠲᠠᠪᠤᠳᠠᠬᠢ ᠡᠳᠦᠷ ᠮᠠᠨ ᠤ ᠤᠯᠤᠰ ᠤᠨ ᠰᠢᠭᠰᠢᠭᠡ ᠪᠠᠭ ᠤᠨ ᠲᠠᠮᠢᠷᠴᠢᠨ ᠪ∙ᠴᠢᠩᠵᠣᠷᠢᠭ᠂ ᠬ∙ᠡᠩᠬᠡᠮᠠᠨᠳᠤᠬᠤ ᠨᠠᠷ ᠲᠤᠭᠯᠠᠭᠰᠠᠨ᠃
52 ᠺᠢᠯᠦᠭᠷᠡᠮ ᠦᠨ ᠵᠢᠩ ᠳᠦ ᠬᠥᠬᠡ ᠪᠤᠯᠤᠩ ᠠᠴᠠ ᠭᠠᠷᠴᠤ ᠲᠤᠯᠤᠯᠳᠤᠭᠰᠠᠨ ᠬ∙ᠡᠩᠬᠡᠮᠠᠨᠳᠤᠬᠤ ᠬᠠᠰᠠᠭᠰᠲ᠋ᠠᠨ ᠤ ᠲᠠᠮᠢᠷᠴᠢᠨ ᠲᠠᠢ ᠲᠣᠭᠯᠠᠨ 5 ᠰᠢᠭᠦᠭᠴᠢ ᠶᠢᠨ ᠰᠠᠨᠠᠯ ᠢᠶᠠᠷ 2-3 ᠬᠠᠷᠢᠴᠠᠭ᠎ᠠ ᠲᠠᠢ ᠬᠣᠵᠢᠭᠳᠠᠭᠰᠠᠨ ᠪᠠᠶᠢᠨ᠎ᠠ᠃ ᠲᠡᠭᠡᠪᠡᠯ 63 ᠺᠢᠯᠦᠭᠷᠡᠮ ᠦᠨ ᠵᠢᠩ ᠳᠦ ᠥᠷᠢᠰᠦᠯᠳᠦᠭᠰᠡᠨ ᠪ∙ᠴᠢᠩᠵᠣᠷᠢᠭ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠦᠨ ᠱᠠᠩ ᠵᠦᠩ ᠲᠠᠢ ᠲᠣᠭᠯᠠᠵᠤ ᠢᠯᠡᠳᠲᠡ ᠳᠠᠪᠠᠭᠤ ᠣᠨᠣᠭᠣᠨ ᠤ ᠬᠠᠷᠢᠴᠠᠭ᠎ᠠ ᠪᠤᠶᠤ 5-0 ᠬᠠᠷᠢᠴᠠᠭ᠎ᠠ ᠲᠠᠢ ᠬᠣᠵᠢᠵᠤ᠂ ᠰᠢᠪᠦᠭᠡ ᠶᠢᠨ 16 ᠍ ᠳᠦ ᠰᠢᠯᠭᠠᠷᠠᠭᠠᠳ ᠪᠠᠶᠢᠨ᠎ᠠ᠃ ᠪ∙ᠴᠢᠩᠵᠣᠷᠢᠭ ᠤᠨ ᠳᠠᠷᠠᠭ᠎ᠠ ᠶᠢᠨ ᠥᠷᠢᠰᠦᠯᠳᠦᠭᠴᠢ ᠨᠢ ᠡᠨᠡᠳᠬᠡᠭ ᠦᠨ ᠲᠠᠮᠢᠷᠴᠢᠨ ᠶᠤᠮ᠃