︽ᠡᠯᠡᠰᠦᠨ ᠮᠠᠩᠬᠠᠨ ᠤ ᠪᠠᠶᠠᠷ-2019︾ ᠪᠣᠯᠤᠨ᠎ᠠ  | News.MN

︽ᠡᠯᠡᠰᠦᠨ ᠮᠠᠩᠬᠠᠨ ᠤ ᠪᠠᠶᠠᠷ-2019︾ ᠪᠣᠯᠤᠨ᠎ᠠ 

︽ᠡᠯᠡᠰᠦᠨ ᠮᠠᠩᠬᠠᠨ ᠤ ᠪᠠᠶᠠᠷ-2019︾ ᠤᠯᠠᠮᠵᠢᠯᠠᠯᠲᠤ ᠠᠷᠭ᠎ᠠ ᠬᠡᠮᠵᠢᠶ᠎ᠡ ᠶᠢ ᠶᠢᠰᠦᠳᠦᠭᠡᠷ ᠰᠠᠷ᠎ᠠ ᠶᠢᠨ 14᠂ 15 ᠳᠤ ᠡᠮᠦᠨᠡᠭᠣᠪᠢ ᠠᠶᠢᠮᠠᠭ ᠤᠨ ᠰᠡᠪᠡᠷᠡᠢ ᠰᠤᠮᠤ ᠶᠢᠨ ᠨᠤᠲᠤᠭ᠂ ᠮᠣᠩᠭᠣᠯ ᠤᠨ ᠶᠢᠰᠦᠨ ᠭᠠᠶᠢᠬᠠᠮᠰᠢᠭ ᠤᠨ ᠨᠢᠭᠡ ᠪᠣᠯᠬᠤ ᠬᠣᠩᠭᠣᠷ ᠤᠨ ᠡᠯᠡᠰᠦ ᠳᠠᠭᠤᠲᠤ ᠮᠠᠩᠬᠠᠨ ᠤ ᠬᠣᠷᠮᠣᠢ ᠳᠤ ᠵᠣᠬᠢᠶᠠᠨ ᠪᠠᠶᠢᠭᠤᠯᠤᠨ᠎ᠠ᠃ ᠬᠣᠩᠭᠣᠷ ᠤᠨ ᠡᠯᠡᠰᠦ ᠶᠢ ᠳᠣᠲᠣᠭᠠᠳᠤ ᠭᠠᠳᠠᠭᠠᠳᠤ ᠶᠢᠨ ᠠᠶᠠᠯᠠᠭᠴᠢᠳ ᠲᠤ ᠰᠤᠷᠲᠠᠯᠴᠢᠯᠠᠨ ᠲᠠᠨᠢᠭᠤᠯᠵᠤ᠂ ᠣᠷᠣᠨ ᠨᠤᠲᠤᠭ ᠲᠤ ᠲᠣᠭᠲᠠᠪᠤᠷᠢᠲᠠᠢ ᠠᠶᠠᠯᠠᠯ ᠵᠢᠭᠤᠯᠴᠢᠯᠠᠯ ᠢ ᠬᠥᠭᠵᠢᠭᠦᠯᠬᠦ᠂ ᠠᠶᠠᠯᠠᠭᠴᠢᠳ ᠤᠨ ᠲᠣᠭ᠎ᠠ ᠶᠢ ᠨᠡᠮᠡᠭᠳᠡᠭᠦᠯᠵᠦ᠂ ᠠᠶᠠᠯᠠᠯ ᠵᠢᠭᠤᠯᠴᠢᠯᠠᠯ ᠤᠨ ᠬᠤᠭᠤᠴᠠᠭ᠎ᠠ ᠶᠢ ᠤᠷᠲᠤᠰᠬᠠᠨ ᠨᠤᠲᠤᠭ ᠤᠨ ᠢᠷᠭᠡᠳ ᠦᠨ ᠪᠢᠽᠢᠨᠧᠰ ᠢ ᠳᠡᠮᠵᠢᠬᠦ᠂ ᠠᠷᠠᠳ ᠢᠷᠭᠡᠳ ᠦᠨ ᠴᠢᠯᠦᠭᠡᠲᠦ ᠴᠠᠭ ᠢ ᠵᠥᠪ ᠪᠣᠯᠪᠠᠰᠤᠨ ᠥᠩᠭᠡᠷᠡᠭᠦᠯᠬᠦ ᠵᠣᠷᠢᠯᠭ᠎ᠠ ᠪᠠᠷ ᠡᠯᠡᠰᠦᠨ ᠮᠠᠩᠬᠠᠨ ᠤ ᠪᠠᠶᠠᠷ᠍ ᠢ ᠬᠢᠳᠡᠭ᠃
ᠪᠠᠶᠠᠷ ᠤᠨ ᠦᠶ᠎ᠡ ᠪᠡᠷ ᠠᠶᠢᠮᠠᠭ ᠤᠨ ᠠᠪᠤᠷᠭᠤ ᠰᠢᠯᠭᠠᠷᠠᠭᠤᠯᠬᠤ ᠡᠯᠡᠰᠦᠨ ᠦ ᠠᠯᠠᠭᠠᠳᠠᠬᠤ ᠪᠦᠮᠪᠦᠭᠡᠨ ᠦ ᠲᠡᠮᠡᠴᠡᠭᠡᠨ᠂ ᠡᠯᠡᠰᠦᠨ ᠮᠠᠩᠬᠠᠨ ᠤ ᠣᠷᠭᠢᠯ ᠪᠤᠯᠢᠶᠠᠯᠳᠤᠬᠤ ᠲᠡᠮᠡᠴᠡᠭᠡᠨ᠂ ᠭᠣᠪᠢ ᠮᠠᠷᠠᠹᠣᠨ᠂ ᠠᠦ᠋ᠲ᠋ᠣ᠋ ᠪᠣᠯᠤᠨ  ᠮᠤᠲ᠋ᠤ᠋ ᠤᠷᠤᠯᠳᠤᠭᠠᠨ᠂ ᠡᠯᠡᠰᠦᠨ ᠦ ᠰᠦᠮᠦᠦ ᠪᠥᠬᠡ ᠶᠢᠨ ᠪᠠᠷᠢᠯᠳᠤᠭᠠᠨ᠂ ᠡᠯᠡᠰᠦᠨ ᠤᠷᠠᠯᠠᠯ ᠤᠨ ᠪᠠᠷᠢᠮᠠᠯ᠂ ︽ᠠᠯᠲᠠᠨ ᠡᠯᠡᠰᠦ︾ ᠦᠳᠡᠰᠢ ᠶᠢᠨ ᠴᠡᠩᠭᠡᠭᠦᠨ ᠪᠣᠯᠤᠨ᠎ᠠ᠃

ᠰᠡᠳᠬᠢᠭᠳᠡᠯ ᠦᠯᠡᠳᠡᠭᠡᠬᠦ