ᠫᠠᠦ᠋ᠷᠯᠢᠹᠲ᠋ᠢᠨ ᠤ ᠬᠡᠪᠲᠡᠭᠡ ᠰᠢᠬᠠᠯᠲᠠ ᠶᠢᠨ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠮᠠᠨ ᠤ ᠤᠯᠤᠰ ᠲᠤ ᠲᠠᠪᠤᠳᠠᠬᠢ ᠡᠳᠦᠷ ᠢᠶᠡᠨ ᠪᠣᠯᠵᠤ ᠪᠠᠶᠢᠨ᠎ᠠ᠃ ᠲᠡᠮᠡᠴᠡᠭᠡᠨ ᠳᠦ ᠶᠢᠰᠦᠨ ᠣᠷᠣᠨ ᠤ ᠨᠡᠶᠢᠲᠡ 290 ᠲᠠᠮᠢᠷᠴᠢᠨ ᠬᠤᠪᠴᠠᠰᠤ ᠬᠡᠷᠡᠭᠯᠡᠯ ᠲᠡᠢ ᠪᠣᠯᠤᠨ ᠬᠡᠷᠡᠭᠯᠡᠯ ᠦᠭᠡᠢ ᠭᠡᠰᠡᠨ ᠬᠣᠶᠠᠷ ᠲᠥᠷᠥᠯ ᠳᠦ ᠪᠦᠬᠦ ᠨᠠᠰᠤᠨ ᠤ ᠠᠩᠭᠢᠯᠠᠯ ᠳᠤ ᠥᠷᠢᠰᠦᠯᠳᠦᠵᠦ ᠪᠠᠶᠢᠨ᠎ᠠ᠃
ᠲᠡᠮᠡᠴᠡᠭᠡᠨ ᠦ ᠦᠶ᠎ᠡ ᠪᠡᠷ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠬᠣᠱᠣᠢ ᠬᠦᠷᠡᠯ ᠮᠸᠳᠠᠯᠲᠤ ᠠ᠊ ∙ᠤᠷᠬᠤᠨᠲᠤᠤᠯᠠ 63 ᠺᠢᠯᠦᠭᠷᠡᠮ ᠤᠨ ᠵᠢᠩ ᠳᠦ ᠠᠽᠢᠶ᠎ᠠ ᠶᠢᠨ ᠳᠡᠭᠡᠳᠦ ᠠᠮᠵᠢᠯᠲᠠ ᠲᠣᠭᠲᠠᠭᠠᠭᠰᠠᠨ ᠪᠣᠯ ᠡᠷᠡᠭᠲᠡᠶᠢᠴᠦᠳ ᠦᠨ 105 ᠺᠢᠯᠦᠭᠷᠡᠮ ᠳᠦ ᠬᠠᠰᠠᠭᠰᠲ᠋ᠠᠨ ᠤ ᠲᠠᠮᠢᠷᠴᠢᠨ ᠠᠰᠾᠠᠷ 335 ᠺᠢᠯᠦᠭᠷᠡᠮ ᠢ ᠴᠡᠭᠡᠵᠢᠨ ᠡᠴᠡ ᠰᠢᠬᠠᠭᠰᠠᠨ ᠢᠶᠠᠷ ᠠᠯᠲᠠᠨ ᠮᠧᠳᠠᠯ ᠬᠦᠷᠲᠡᠵᠦ ᠂ ᠰᠢᠷ᠎ᠠ ᠲᠢᠪ ᠦᠨ ᠳᠡᠭᠡᠳᠦ ᠠᠮᠵᠢᠯᠲᠠ ᠶᠢ ᠰᠢᠨᠡᠴᠢᠯᠡᠨ ᠲᠣᠭᠲᠠᠭᠠᠯ᠎ᠠ᠃ ᠡᠨᠡ ᠲᠡᠮᠡᠴᠡᠭᠡᠨ ᠮᠠᠷᠭᠠᠰᠢ ᠥᠨᠳᠥᠷᠯᠡᠬᠦ ᠪᠥᠭᠡᠳ ᠭᠠᠪᠢᠶᠠᠲᠤ ᠲᠠᠮᠢᠷᠴᠢᠨ ᠡ᠊∙ᠰᠤᠳᠨᠠᠮᠫᠸᠯᠵᠡᠢ 105 ᠺᠢᠯᠦᠭᠷᠡᠮ ᠤᠨ ᠵᠢᠩ ᠳᠦ ᠥᠷᠢᠰᠦᠯᠳᠦᠨ᠎ᠡ᠃