︽ᠴᠡᠨ ᠲᠣᠭᠣᠷᠤᠤ I︾ ᠦᠷᠦᠮᠳᠦᠯᠭᠡ ᠶᠢᠨ ᠳ᠋ᠦᠩ ᠡᠶᠡᠷᠭᠦ ᠭᠠᠷᠴᠠᠢ  | News.MN

 ︽ᠴᠡᠨ ᠲᠣᠭᠣᠷᠤᠤ I︾ ᠦᠷᠦᠮᠳᠦᠯᠭᠡ ᠶᠢᠨ ᠳ᠋ᠦᠩ ᠡᠶᠡᠷᠭᠦ ᠭᠠᠷᠴᠠᠢ 

ᠯᠣᠨᠳᠣᠨ ᠤ ᠬᠥᠷᠥᠩᠭᠡ ᠶᠢᠨ ᠪᠢᠷᠵᠢ ᠳᠦ ᠪᠦᠷᠢᠳᠬᠡᠯ ᠲᠡᠢ Petro Matad ᠺᠣᠮᠫᠠᠨᠢ ᠶᠢᠨ ᠳᠣᠷᠣᠨᠠᠲᠤ ᠠᠶᠢᠮᠠᠭ ᠤᠨ ᠨᠤᠲᠤᠭ ᠳᠠᠬᠢ  ᠬᠤᠷᠢᠳᠤᠭᠠᠷ ᠲᠠᠯᠠᠪᠠᠢ ᠶᠢᠨ ︽ᠴᠡᠨ ᠲᠣᠭᠣᠷᠤᠤ I︾ ᠴᠣᠨᠣᠭ ᠤᠨ ᠦᠷᠦᠮᠳᠦᠯᠭᠡ ᠶᠢᠨ ᠳ᠋ᠦᠩ ᠡᠶᠡᠷᠭᠦ ᠭᠠᠷᠤᠯ᠎ᠠ᠃ 2950 ᠮᠧᠲ᠋ᠷ ᠦᠨ ᠭᠦᠨ ᠳᠦ ᠬᠢᠭᠰᠡᠨ ᠦᠷᠦᠮᠳᠦᠯᠭᠡ ᠶᠢᠨ ᠳ᠋ᠦᠩ ᠳᠦ ᠤᠷᠢᠳᠴᠢᠯᠠᠭᠰᠠᠨ  ᠲᠣᠭᠠᠴᠠᠭᠠᠯᠠᠯ ᠳᠤ ᠬᠦᠷᠬᠦ ᠬᠡᠮᠵᠢᠶᠡᠨ ᠦ ᠭᠠᠵᠠᠷ ᠤᠨ ᠲᠣᠰᠤᠨ ᠤ ᠨᠥᠭᠡᠴᠡ ᠪᠠᠶᠢᠭ᠎ᠠ ᠨᠢ ᠢᠯᠡᠷᠡᠭᠰᠡᠨ ᠪᠠᠶᠢᠨ᠎ᠠ᠃ ᠲᠣᠳᠣᠷᠠᠭᠤᠯᠪᠠᠯ᠂ 77 ᠮᠧᠲ᠋ᠷ ᠦᠨ ᠢᠨᠲ᠋ᠧᠷᠸᠠᠯ ᠢ ᠬᠠᠮᠤᠷᠬᠤ ᠭᠠᠵᠠᠷ ᠤᠨ ᠲᠣᠰᠤᠨ ᠤ ᠪᠣᠯᠤᠮᠵᠢᠲᠤ ᠨᠥᠭᠡᠴᠡ ᠪᠠᠶᠢᠭ᠎ᠠ ᠶᠢ ᠲᠤᠭᠲᠠᠭᠠᠵᠠᠢ᠃ ᠡᠭᠦᠨ ᠳᠦ 22 ᠮᠧᠲ᠋ᠷ ᠦᠨ ᠵᠤᠵᠠᠭᠠᠨ ᠲᠠᠢ ᠨᠥᠭᠡᠴᠡ ᠶᠢᠨ ᠭᠤᠷᠪᠠᠨ ᠪᠥᠰᠡ  ᠪᠠᠭᠲᠠᠵᠤ ᠪᠠᠶᠢᠭ᠎ᠠ ᠶᠤᠮ ᠪᠠᠶᠢᠨ᠎ᠠ᠃ ᠶᠡᠷᠦᠩᠬᠡᠢ ᠳᠦ ᠪᠡᠨ ᠬᠤᠶᠢᠳᠤ ᠵᠦᠭ ᠲᠦ ᠪᠠᠶᠢᠷᠢᠯᠠᠳᠠᠭ ᠠᠷᠪᠠ ᠶᠢᠰᠦᠳᠦᠭᠡᠷ ᠪᠯᠣᠺ ᠠᠴᠠ ᠢᠯᠡᠷᠡᠭᠰᠡᠨ ᠨᠥᠭᠡᠴᠡ ᠲᠡᠢ ᠠᠳᠠᠯᠢ ᠭᠡᠵᠦ ᠲᠤᠰ ᠺᠣᠮᠫᠠᠨᠢ ᠲᠠᠶᠢᠯᠪᠤᠷᠢᠯᠠᠯ᠎ᠠ᠃

ᠰᠡᠳᠬᠢᠭᠳᠡᠯ ᠦᠯᠡᠳᠡᠭᠡᠬᠦ