ᠢᠨᠲᠸᠷᠨᠤᠮ ᠦᠨ ᠰᠢᠨ᠎ᠡ ᠰᠠᠯᠪᠤᠷᠢ ᠨᠡᠭᠡᠭᠡᠭᠳᠡᠯ᠎ᠡ  | News.MN

ᠢᠨᠲᠸᠷᠨᠤᠮ ᠦᠨ ᠰᠢᠨ᠎ᠡ ᠰᠠᠯᠪᠤᠷᠢ ᠨᠡᠭᠡᠭᠡᠭᠳᠡᠯ᠎ᠡ 

ᠨᠡᠭᠡᠭᠡᠯᠲᠡ ᠪᠡᠨ ᠬᠢᠭᠡᠳ ᠤᠳᠠᠭ᠎ᠠ ᠦᠭᠡᠢ ᠪᠠᠶᠢᠭ᠎ᠠ EMART ᠳᠡᠯᠭᠡᠭᠦᠷ ᠦᠨ ᠬᠠᠨ-ᠠᠭᠤᠯᠠ ᠳᠡᠭᠦᠷᠭᠡ ᠶᠢᠨ ᠰᠠᠯᠪᠤᠷᠢ ᠳᠤ ᠂ ᠮᠦᠨ ᠾᠦᠩᠨᠤ ᠮᠣᠯᠯ ᠳᠡᠯᠭᠡᠭᠦᠷ ᠲᠤ ᠢᠨᠲᠸᠷᠨᠤᠮ ᠨᠣᠮ ᠤᠨ ᠳᠡᠯᠭᠡᠭᠦᠷ ᠰᠢᠨ᠎ᠡ ᠰᠠᠯᠪᠤᠷᠢ ᠪᠠᠨ ᠨᠡᠭᠡᠭᠡᠵᠦ ᠬᠡᠷᠡᠭᠯᠡᠭᠴᠢᠳ ᠲᠦ ᠪᠡᠨ ᠤᠯᠠᠮ ᠣᠶᠢᠷᠠᠳᠤᠯ᠎ᠠ᠃ ᠰᠢᠨ᠎ᠡ ᠰᠠᠯᠪᠤᠷᠢ ᠶᠢᠨ ᠨᠡᠭᠡᠭᠡᠯᠲᠡ ᠲᠡᠢ ᠬᠣᠯᠪᠣᠭᠠᠲᠠᠢ ᠪᠠᠷ 9 ᠳ᠋ᠤᠭᠡᠷ ᠰᠠᠷ᠎ᠠ ᠶᠢᠨ 15 ᠢ ᠳᠠᠭᠤᠰᠲᠠᠯ᠎ᠠ 10-50% ᠍ ᠶᠢᠨ ᠬᠢᠮᠳᠠᠷᠠᠯ ᠵᠠᠷᠯᠠᠵᠠᠢ᠃
︽ᠢᠨᠲᠸᠷᠨᠤᠮ︾ ᠨᠢ ᠮᠣᠩᠭᠣᠯ ᠤᠨ ᠬᠠᠮᠤᠭ ᠤᠨ ᠲᠣᠮᠣ ᠨᠣᠮ ᠤᠨ ᠳᠡᠯᠭᠡᠭᠦᠷ ᠪᠥᠭᠡᠳ 2000 ᠣᠨ ᠳᠤ ᠰᠢᠨᠵᠢᠯᠡᠬᠦ ᠤᠬᠠᠭᠠᠨ ᠮᠡᠳᠡᠭᠡᠯᠡᠯ ᠦᠨ ᠲᠥᠪ ︵ᠬᠠᠭᠤᠴᠢᠨ ᠢᠶᠠᠷ︶ ᠤᠨ ᠨᠢᠭᠡᠳᠦᠭᠡᠷ ᠳᠠᠪᠬᠤᠷ ᠤᠨ ᠡᠭᠦᠳᠡᠨ ᠦ ᠬᠡᠰᠡᠭ ᠲᠦ ᠨᠣᠮ ᠤᠨ ᠵᠢᠵᠢᠭ ᠮᠤᠬᠤᠯᠠᠭ ᠨᠡᠭᠡᠭᠡᠭᠳᠡᠭᠰᠡᠨ ᠢᠶᠡᠷ ᠦᠨᠳᠦᠰᠦ ᠰᠠᠭᠤᠷᠢ ᠨᠢ ᠲᠠᠯᠪᠢᠭᠳᠠᠵᠤ ᠪᠠᠶᠢᠭᠰᠠᠨ ᠶᠤᠮ᠃ ᠡᠳᠦᠭᠡ ᠬᠠᠮᠤᠭ ᠤᠨ ᠥᠷᠭᠡᠨ ᠰᠣᠩᠭᠣᠯᠲᠠ ᠲᠠᠢ ᠨᠣᠮ ᠤᠨ ᠳᠡᠯᠭᠡᠭᠦᠷ ᠪᠣᠯᠵᠤ᠂ 30000 ᠭᠠᠷᠤᠢ ᠨᠡᠷ᠎ᠡ ᠲᠥᠷᠥᠯ ᠦᠨ ᠪᠠᠷᠠᠭ᠎ᠠ ᠬᠤᠳᠠᠯᠳᠤᠭᠠᠯᠠᠬᠤ ᠶᠢᠨ ᠵᠡᠷᠭᠡᠴᠡᠭᠡ ᠰᠢᠨ᠎ᠡ ᠪᠡᠷ ᠭᠠᠷᠴᠤ ᠪᠤᠢ ᠨᠣᠮ ᠤᠨ ᠨᠡᠭᠡᠭᠡᠯᠲᠡ᠂ ᠵᠣᠬᠢᠶᠠᠯᠴᠢ᠂ ᠣᠷᠴᠢᠭᠤᠯᠤᠭᠴᠢ᠂ ᠤᠩᠰᠢᠭᠴᠢᠳ ᠤᠨ ᠰᠣᠨᠢᠷᠬᠠᠯᠲᠠᠢ ᠠᠭᠤᠯᠵᠠᠯᠲᠠ ᠡᠳᠦᠷᠯᠢᠭ ᠦᠳ ᠪᠠᠶᠢᠩᠭᠤ ᠵᠣᠬᠢᠶᠠᠭᠳᠠᠳᠠᠭ ᠰᠣᠶᠣᠨ ᠭᠡᠭᠡᠷᠡᠯ ᠦᠨ ᠲᠣᠮᠣᠬᠠᠨ ᠲᠥᠪ ᠪᠣᠯᠤᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ