ᠢᠴᠢᠭᠡᠴᠢ᠂ ᠡ᠊∙ᠰᠤᠮᠢᠶ᠎ᠠ ᠡ | News.MN

ᠢᠴᠢᠭᠡᠴᠢ᠂ ᠡ᠊∙ᠰᠤᠮᠢᠶ᠎ᠠ ᠡ

ᠡᠨᠡ ᠵᠢᠯ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠲᠦᠷᠦᠭᠦᠯᠡᠭᠰᠡᠨ ᠲᠠᠮᠢᠷᠴᠢᠳ ᠢ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠵᠣᠳᠣᠭᠯᠠᠭᠤᠯᠬᠤ ᠡᠷᠬᠡ ᠣᠯᠭᠤᠭᠰᠠᠨ ᠪᠢᠯᠡ᠃ ᠡᠮᠡᠭᠲᠡᠶᠢᠴᠦᠳ ᠦᠨ 53 ᠺᠢᠯᠦᠭᠷᠡᠮ ᠳᠦ ᠪᠠᠶᠠᠨᠬᠣᠩᠭᠣᠷ ᠠᠶᠢᠮᠠᠭ ᠤᠨ ᠬᠠᠷᠢᠶᠠᠲᠤ᠂ ︽ᠵᠧᠩᠺᠣ︾  ᠺᠯᠦ᠋ᠪ ᠦᠨ ᠪᠥᠬᠡ ᠮ∙ᠫᠦᠷᠪᠦᠲᠤᠩᠭᠠᠯᠠᠭ ᠲᠦᠷᠦᠭᠦᠯᠡᠵᠦ᠂ ᠳᠡᠯᠡᠬᠡᠢ ᠶᠢᠨ ᠳᠡᠪᠵᠢᠭᠡᠨ ᠳᠦ ᠥᠷᠢᠰᠥᠯᠳᠥᠬᠦ ᠡᠷᠬᠡ ᠠᠩᠬ᠎ᠠ ᠤᠳᠠᠭ᠎ᠠ ᠠᠪᠤᠭᠰᠠᠨ ᠠᠵᠠᠢ᠃ ᠭᠡᠲᠡᠯ᠎ᠡ ᠮᠣᠩᠭᠣᠯ ᠤᠨ ᠴᠢᠯᠦᠭᠡᠲᠦ ᠪᠥᠬᠡ ᠶᠢᠨ ᠬᠣᠯᠪᠣᠭᠠᠨ ᠠᠴᠠ ᠲᠡᠭᠦᠨ ᠦ ᠪᠡᠶ᠎ᠡ ᠳᠦ  ᠬᠠᠲᠠᠭᠢ ᠭᠠᠷᠤᠭᠰᠠᠨ᠂ ᠪᠡᠯᠡᠳᠬᠡᠯ ᠳᠤᠲᠠᠭᠤ ᠭᠡᠬᠦ ᠰᠢᠯᠲᠠᠭᠠᠨ ᠢᠶᠠᠷ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠪᠠᠷᠢᠯᠳᠤᠭᠤᠯᠬᠤ ᠦᠭᠡᠢ ᠣᠷᠣᠨ ᠳᠤ ᠨᠢ ᠭᠠᠪᠢᠶᠠᠲᠤ ᠲᠠᠮᠢᠷᠴᠢᠨ ᠡ᠊∙ᠰᠤᠮᠢᠶ᠎ᠠ ᠶᠢ ᠣᠷᠤᠯᠴᠠᠭᠤᠯᠬᠤ ᠰᠢᠢᠳᠪᠦᠷᠢ ᠭᠠᠷᠭᠠᠵᠠᠢ᠃ ᠮ∙ᠫᠦᠷᠪᠦᠲᠤᠩᠭᠠᠯᠠᠭ ᠪᠣᠯᠤᠨ ᠲᠡᠭᠦᠨ ᠦ ᠭᠡᠷ ᠪᠦᠯᠢ ᠶᠢᠨ ᠬᠢᠨ ᠡᠭᠦᠨ ᠢ ᠡᠰᠡᠷᠭᠦᠴᠡᠨ ᠮᠡᠳᠡᠭᠡᠯᠡᠯ ᠬᠢᠯ᠎ᠡ᠃
ᠫᠦᠷᠪᠦᠲᠤᠩᠭᠠᠯᠠᠭ ᠤᠨ ᠠᠪᠤ ᠮᠥᠩᠬᠡᠪᠠᠲᠤ᠄ ᠥᠬᠢᠨ ᠮᠢᠨᠢ ᠡᠨᠡ ᠵᠢᠯ ᠵᠠᠯᠠᠭᠤᠴᠤᠳ᠂ ᠨᠠᠰᠤᠨ ᠳᠤ ᠬᠦᠷᠦᠭᠰᠡᠳ ᠦᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠲᠦᠷᠦᠭᠦᠯᠡᠭᠰᠡᠨ᠃ ᠭᠡᠲᠡᠯ᠎ᠡ ᠦᠨᠳᠦᠰᠦᠨ ᠦ ᠰᠢᠭᠰᠢᠭᠡ ᠪᠠᠭ ᠤᠨ ᠠᠬᠠᠯᠠᠬᠤ  ᠳᠠᠰᠬᠠᠯᠵᠢᠭᠤᠯᠤᠭᠴᠢ ᠪ∙ᠪᠠᠲᠤᠲᠤᠯᠭ᠎ᠠ ᠡ᠊∙ᠰᠤᠮᠢᠶ᠎ᠠ ᠶᠢ ᠣᠷᠤᠯᠴᠠᠭᠤᠯᠬᠤ ᠶᠢᠨ ᠲᠤᠯᠠᠳᠠ ᠪᠠᠰᠢᠷ ᠠᠷᠭ᠎ᠠ ᠬᠡᠷᠡᠭᠯᠡᠭᠰᠡᠨ᠂ ᠥᠬᠢᠨ ᠢ ᠮᠢᠨᠢ ᠳᠠᠷᠤᠮᠲᠠᠯᠠᠭᠰᠠᠨ᠃ ᠡᠭᠦᠨ ᠦ ᠤᠯᠠᠮ ᠠᠴᠠ ᠥᠬᠢᠨ ᠮᠢᠨᠢ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠤᠷᠤᠯᠴᠠᠬᠤ ᠪᠣᠯᠤᠮᠵᠢ ᠦᠭᠡᠢ ᠪᠣᠯᠴᠢᠬᠠᠯ᠎ᠠ᠃ ᠥᠬᠢᠨ ᠤ ᠪᠠᠨ ᠣᠷᠣᠨ ᠳᠤ ᠡ᠊∙ᠰᠤᠮᠢᠶ᠎ᠠ ᠶᠢ ᠯᠠᠪ ᠥᠷᠢᠰᠦᠯᠳᠦᠭᠦᠯᠬᠦ ᠦᠭᠡᠢ᠃ ᠬᠡᠷᠪᠡ ᠲᠡᠭᠦᠨ ᠢ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠥᠷᠢᠰᠦᠯᠳᠦᠪᠡᠯ ᠪᠢ ᠠᠮᠢ ᠪᠠᠨ ᠬᠣᠣᠷᠯᠠᠨ᠎ᠠ᠃ ᠮᠢᠨᠦ ᠥᠬᠢᠨ ᠢ ᠣᠷᠤᠯᠴᠠᠭᠤᠯᠬᠤ ᠦᠭᠡᠢ ᠶᠤᠮ ᠭᠡᠬᠦ ᠳᠦ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠦᠵᠦᠭᠦᠷᠯᠡᠭᠰᠡᠨ᠂ ᠡᠰᠡᠪᠡᠯ ᠬᠦᠷᠡᠯ ᠮᠧᠳᠠᠯ ᠠᠪᠤᠭᠰᠠᠨ ᠲᠠᠮᠢᠷᠴᠢᠨ ᠢ ᠣᠷᠤᠯᠴᠠᠭᠤᠯᠬᠤ ᠤᠴᠢᠷᠲᠠᠢ ᠪᠠᠶᠢᠯᠲᠠᠢ᠃ ᠪᠢ ᠪ∙ᠪᠠᠲᠤᠲᠤᠯᠭ᠎ᠠ ᠳᠠᠰᠬᠠᠯᠵᠢᠭᠤᠯᠤᠭᠴᠢ ᠲᠠᠢ ᠠᠭᠤᠯᠵᠠᠭᠰᠠᠨ᠃ ᠲᠡᠭᠡᠬᠦ ᠳᠦ ᠄ ᠲᠠᠨ ᠤ ᠬᠡᠦᠬᠡᠳ ᠦᠨ ᠪᠡᠯᠡᠳᠬᠡᠯ ᠳᠤᠲᠠᠭᠤ ᠪᠠᠶᠢᠭ᠎ᠠ ᠭᠡᠰᠡᠨ᠃ ᠦᠨᠳᠦᠰᠦᠨ ᠦ ᠰᠢᠭᠰᠢᠭᠡ ᠪᠠᠭ ᠤᠨ ᠠᠬᠠᠯᠠᠬᠤ ᠳᠠᠰᠬᠠᠯᠵᠢᠭᠤᠯᠤᠭᠴᠢ ᠬᠦᠮᠦᠨ᠂ ᠲᠠᠮᠢᠷᠴᠢᠳ ᠤᠨ ᠢᠶᠠᠨ ᠪᠡᠯᠡᠳᠬᠡᠯ ᠢ ᠬᠠᠩᠭᠠᠬᠤ ᠤᠴᠢᠷᠲᠠᠢ ᠠᠯᠪᠠᠨ ᠲᠤᠰᠢᠶᠠᠯᠲᠠᠨ ᠲᠡᠭᠡᠵᠦ ᠬᠡᠯᠡᠭᠡᠳ ᠰᠠᠭᠤᠵᠤ ᠪᠠᠶᠢᠵᠤ ᠪᠣᠯᠬᠤ ᠤᠤ᠃ ᠡ᠊∙ᠰᠤᠮᠢᠶ᠎ᠠ ᠨᠢ ᠡᠨᠡ ᠵᠢᠯ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠵᠢᠩ ᠦᠨ ᠤᠯᠠᠮ ᠠᠴᠠ ᠬᠠᠰᠤᠭᠳᠠᠭᠰᠠᠨ᠃ ᠡᠶᠢᠮᠦ ᠰᠢᠳᠤᠷᠭᠤ ᠪᠤᠰᠤ ᠪᠠᠶᠢᠵᠤ ᠪᠣᠯᠬᠤ ᠤᠤ᠃ ᠪ∙ᠪᠠᠲᠤᠲᠤᠯᠭ᠎ᠠ ᠮᠢᠨᠦ ᠥᠬᠢᠨ ᠢ ᠳᠠᠷᠤᠮᠲᠠᠯᠠᠭᠰᠠᠨ᠃ ᠮᠠᠯᠴᠢᠨ ᠬᠦᠮᠦᠨ ᠢ ᠶᠠᠭᠠᠬᠢᠭᠰᠠᠨ ᠴᠤ ᠶᠠᠭᠠᠬᠢᠬᠤ ᠪᠤᠢ ᠭᠡᠵᠦ ᠪᠣᠳᠣᠳᠠᠭ ᠶᠤᠮ  ᠪᠠᠶᠢᠯᠭᠦᠢ᠃ ᠮᠣᠩᠭᠣᠯ ᠤᠨ ᠴᠢᠯᠦᠭᠡᠲᠦ ᠪᠥᠬᠡ ᠶᠢᠨ ᠬᠣᠯᠪᠣᠭ᠎ᠠ ᠶᠢ ᠤᠳᠤᠷᠢᠳᠳᠠᠭ ᠳ∙ᠰᠤᠮᠢᠶᠠᠪᠠᠽᠠᠷ ᠰᠠᠶᠢᠳ ᠡᠭᠦᠨ ᠳᠦ ᠠᠩᠬᠠᠷᠤᠭᠠᠴᠢ ᠡ᠃ ᠮᠢᠨᠦ ᠥᠬᠢᠨ ᠢ ᠶᠠᠭᠠᠬᠢᠭᠠᠳ ᠮᠠᠯ ᠠᠴᠠ ᠳᠣᠣᠷ᠎ᠠ ᠦᠵᠡᠳᠡᠭ ᠶᠤᠮ ᠪᠤᠢ᠃ ᠰᠢᠳᠤᠷᠭᠤ ᠶᠣᠰᠣᠨ ᠤ ᠲᠥᠯᠥᠭᠡ ᠲᠡᠮᠡᠴᠡᠬᠦ ᠶᠢ ᠮᠣᠩᠭᠣᠯᠴᠤᠳ᠂  ᠪᠠᠶᠠᠨ ᠬᠤᠩᠭᠤᠷ ᠤᠨ  ᠬᠢᠨ  ᠳᠦ  ᠪᠡᠨ  ᠤᠷᠢᠶᠠᠯᠠᠶ᠎ᠠ᠃ ᠢᠴᠢᠭᠡᠴᠢ᠂ ᠪ∙ᠪᠠᠲᠤᠲᠤᠯᠭ᠎ᠠ ᠂ ᠡ᠊∙ᠰᠤᠮᠢᠶ᠎ᠠ ᠡ᠃
ᠴᠢᠯᠦᠭᠡᠲᠦ ᠪᠥᠬᠡ ᠶᠢᠨ ᠲᠠᠮᠢᠷᠴᠢᠨ ᠮ∙ᠫᠦᠷᠪᠦᠲᠤᠩᠭᠠᠯᠠᠭ᠄ ᠨᠠᠮᠠᠶᠢ ᠡᠷᠡᠭᠦᠯ ᠢ ᠡᠮᠴᠢ ᠪᠠᠲᠤᠯᠠᠭᠰᠠᠨ᠃ ᠭᠡᠲᠡᠯ᠎ᠡ ᠡᠭᠦᠪᠡᠷ ᠰᠢᠯᠲᠠᠭᠯᠠᠨ᠂ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠤᠷᠤᠯᠴᠠᠬᠤ ᠡᠷᠬᠡ ᠶᠢ ᠮᠢᠨᠢ ᠪᠤᠯᠢᠶᠠᠯ᠎ᠠ᠃ ᠪᠢ ᠡ᠊∙ᠰᠤᠮᠢᠶ᠎ᠠ ᠡᠭᠡᠴᠢ ᠲᠡᠢ ᠪᠡᠯᠡᠳᠬᠡᠯ ᠬᠢᠬᠦ ᠭᠡᠵᠦ ᠣᠷᠣᠯᠳᠤᠭᠰᠠᠨ᠃ ᠪᠡᠯᠡᠳᠬᠡᠯ ᠦᠨ ᠦᠶ᠎ᠡ ᠪᠡᠷ ᠨᠠᠮᠠᠶᠢ ᠵᠣᠭᠰᠣᠭᠠᠵᠤ ᠪᠠᠶᠢᠭᠠᠳ ᠄ ︽ᠬᠦᠮᠦᠨ ᠦ ᠡᠮᠦᠨ᠎ᠡ ᠡᠴᠡ ᠪᠢᠲᠡᠭᠡᠢ ᠠᠷᠰᠠᠯᠳᠤᠭᠠᠳ ᠪᠠᠶᠢᠭᠠᠷᠠᠢ》 ᠭᠡᠰᠡᠨ᠃ ᠲᠡᠭᠡᠬᠦ ᠪᠡᠷ ᠪᠢ ᠶᠠᠭᠠᠬᠢᠵᠤ ᠪᠡᠯᠡᠳᠬᠡᠯ ᠬᠢᠵᠦ ᠴᠢᠳᠠᠬᠤ ᠪᠤᠢ ᠳ᠋ᠡ᠃ ᠪᠢ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠲᠦᠷᠦᠭᠦᠯᠡᠵᠦ᠂ ᠰᠢᠭᠰᠢᠭᠡ ᠪᠠᠭ ᠤᠨ ᠬᠢᠨ ᠲᠠᠢ ᠠᠩᠬ᠎ᠠ ᠤᠳᠠᠭ᠎ᠠ ᠬᠠᠮᠲᠤ ᠪᠡᠯᠡᠳᠬᠡᠯ ᠬᠢᠵᠦ ᠪᠠᠶᠢᠭ᠎ᠠ᠃ ᠲᠡᠭᠡᠭᠰᠡᠨ ᠴᠤ ᠰᠡᠳᠬᠢᠯ ᠬᠠᠩᠭᠠᠯᠤᠭᠤᠨ ᠪᠤᠰᠤ ᠪᠠᠶᠢᠨ᠎ᠠ ᠭᠡᠪᠡ᠃

ᠰᠡᠳᠬᠢᠭᠳᠡᠯ ᠦᠯᠡᠳᠡᠭᠡᠬᠦ